ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠰᠤᠷᠪᠤᠯᠵᠢᠯᠠᠭ᠎ᠠ
ᠦᠪᠦᠷ ᠮᠤᠩᠭᠤᠯ᠎ᠤᠨ ᠠᠩᠬᠠᠳᠠᠭᠴᠢ ᠤᠯᠢᠮᠫᠢᠺ᠎ᠤᠨ ᠠᠪᠤᠷᠭᠤ — ᠵᠠᠩ ᠰᠢᠶᠤᠤ ᠫᠢᠩ
ᠨᠡᠶ᠋ᠢᠲᠡᠯᠡᠭᠰᠡᠨ ᠴᠠᠭ᠄ 2018-12-29

      ᠦᠬᠡᠷᠡᠴᠢᠯᠠᠯᠳᠠ ᠨᠡᠬᠡᠬᠡᠯᠳᠠ ᠵᠢᠨ 40 ᠵᠢᠯ ᠪᠤᠯ ᠲᠤᠮᠳᠠᠳᠤ ᠤᠯᠤᠰ᠎ᠤᠨ ᠪᠡᠶ᠎ᠠ ᠵᠢᠨ ᠲᠠᠮᠢᠷ᠎ᠤᠨ ᠪᠠᠭᠤᠷᠠᠢ᠎ᠠᠴᠠ᠎ᠪᠠᠨ ᠬᠦᠴᠦᠷᠬᠡᠭᠵᠢᠭᠰᠡᠡ ᠶᠠᠪᠤᠴᠠ ᠵᠢ ᠬᠠᠷᠠᠭᠤᠯᠤᠭᠰᠠᠠ 40 ᠵᠢᠯ ᠪᠤᠯᠤᠨ᠎ᠠ᠂ ᠡᠨᠡᠬᠦ ᠶᠠᠪᠤᠴᠠ ᠲᠤᠮᠳᠠ ᠮᠠᠨ᠎ᠤ ᠤᠷᠤᠨ᠎ᠤ ᠪᠡᠶ᠎ᠠ ᠵᠢᠨ ᠲᠠᠮᠢᠷ᠎ᠤᠨ ᠦᠢ᠍ᠯᠡᠰ ᠴᠤ᠌ ᠦᠬᠡᠷᠡᠴᠢᠯᠠᠯᠳᠠ ᠨᠡᠬᠡᠬᠡᠯᠳᠠ ᠵᠢᠨ ᠲᠤᠮᠤ ᠤᠷᠴᠢᠨ᠎ᠳᠤ ᠨᠠᠩ ᠴᠢᠯᠦᠬᠡᠳᠠᠢ ᠬᠦᠭᠵᠢᠵᠤ᠂ ᠤᠯᠤᠰ᠎ᠤᠨ ᠲᠤᠳᠤᠷ᠎ᠠ᠎ᠪᠠᠨ ᠪᠤᠶᠤ ᠵᠡᠷᠬᠡᠯᠡᠳᠡᠭᠡ ᠤᠯᠤᠰ᠎ᠯᠤᠭ᠎ᠠ ᠵᠢᠨ ᠶᠠᠪᠤᠯᠴᠠᠭ᠎ᠠ ᠰᠤᠯᠢᠯᠴᠠᠭ᠎ᠠ᠎ᠪᠠᠨ ᠴᠢᠩᠭ᠋ᠠᠳᠬᠠᠵᠤ᠂ ᠲᠠᠮᠢᠷᠴᠢᠳ᠎ᠤᠨ ᠤᠷ᠎ᠠ ᠮᠠᠷᠬᠡᠵᠢᠯ᠂ ᠤᠬᠠᠭ᠋ᠠᠨ ᠰᠠᠨᠠᠭ᠎ᠠ᠂ ᠪᠠᠭᠰᠢᠨᠠᠷ᠎ᠤᠨ ᠵᠢᠭ᠋ᠠᠨ ᠰᠤᠷᠭ᠋ᠠᠯᠳᠠ᠂ ᠰᠤᠶᠤᠯ ᠪᠤᠯᠪᠠᠰᠤᠷᠠᠯ᠎ᠤᠨ ᠲᠠᠯ᠎ᠠ᠎ᠳᠤ ᠴᠦᠮ ᠶᠡᠬᠡᠬᠡᠨ ᠲᠡᠬᠡᠭᠰᠢᠯᠡᠯᠳᠠ᠎ᠲᠠᠢ ᠪᠤᠯᠤᠭᠰᠠᠠ ᠪᠠᠶ᠋ᠢᠨ᠎ᠠ᠃ ᠡᠬᠦᠨ᠎ᠤ ᠰᠠᠭᠤᠷᠢᠨ ᠲᠡᠬᠡᠷ᠎ᠠ ᠠᠮᠵᠢᠯᠳᠠ ᠪᠦᠳᠦᠮᠵᠢ ᠴᠤ᠌ ᠮᠡᠳᠡᠭᠳᠡᠮ᠎ᠠ ᠢᠯᠡᠷᠡᠵᠤ᠂ ᠨᠠᠶᠠᠭ᠋ᠠᠳ ᠤᠨ᠎ᠳᠤ ᠡᠮᠡᠭᠳᠡᠢ ᠵᠢᠨ ᠵᠢᠤᠳᠤᠤ ᠪᠦᠬᠡ ᠵᠢᠨ ᠠᠩᠬᠢ ᠵᠢᠨ ᠭᠤᠤ ᠹᠧᠩ ᠯᠢᠶᠠᠨ ᠲᠠᠷᠠᠭ᠋ᠠᠯᠠᠨ ᠭᠤᠷᠪᠠ ᠤᠳᠠᠭ᠎ᠠ ᠲᠡᠯᠡᠬᠡᠢ ᠵᠢᠨ ᠠᠪᠤᠷᠭᠤ ᠵᠢᠨ ᠠᠯᠳᠠᠨ ᠮᠧᠳᠠᠯ ᠠᠪᠤᠭᠰᠠᠠ; á ¶á ¡á ·á ¡á ¨ ᠤᠨ᠎ᠤ ᠪᠡᠬᠡᠵᠢᠩ᠎ᠤᠨ ᠠᠽᠢᠶ᠎ᠠ ᠵᠢᠨ ᠲᠠᠮᠢᠷ᠎ᠤᠨ ᠴᠤᠭᠯᠠᠭ᠋ᠠᠨ᠎ᠳᠤ ᠬᠤᠷᠠᠭ᠎ᠠ᠂ ᠪᠤᠤ ᠢᠤᠢ ᠬᠤᠶᠠᠭᠤᠯᠠ ᠡᠷᠡᠭᠳᠡᠢ ᠵᠢᠨ ᠤᠯᠠᠨ ᠤᠯᠤᠰ᠎ᠤᠨ ᠪᠦᠬᠡ ᠵᠢᠨ ᠠᠯᠳᠠᠨ ᠮᠧᠳᠠᠯ ᠤᠯᠵᠤ᠂ ᠲᠤᠮᠳᠠᠳᠤ ᠤᠯᠤᠰ᠎ᠤᠨ ᠤᠯᠠᠨ ᠤᠯᠤᠰ᠎ᠤᠨ ᠪᠦᠬᠡ ᠵᠢᠨ ᠲᠦᠷᠦᠯ ᠵᠦᠢ᠍ᠯ᠎ᠳᠤ ᠠᠽᠢᠶ᠎ᠠ ᠵᠢᠨ ᠲᠠᠮᠢᠷ᠎ᠤᠨ ᠴᠤᠭᠯᠠᠭ᠋ᠠᠨ᠎ᠤ ᠠᠯᠳᠠᠨ ᠮᠧᠳᠠᠯ ᠦᠬᠡᠢ ᠲᠡᠤᠬᠡ ᠵᠢ ᠡᠴᠦᠰᠯᠡᠬᠦᠯᠦᠭᠰᠡᠡ; ᠰᠢᠨ᠎ᠠ ᠵᠠᠭᠤᠨ᠎ᠳᠤ ᠤᠷᠤᠵᠤ ᠪᠦᠬᠦ ᠲᠠᠯ᠎ᠠ᠎ᠪᠠᠷ ᠦᠬᠡᠷᠡᠴᠢᠯᠠᠯᠳᠠ ᠬᠢᠵᠤ ᠪᠦᠬᠦ ᠲᠠᠯ᠎ᠠ᠎ᠪᠠᠷ ᠴᠢᠯᠦᠬᠡᠳᠠᠢ ᠶᠠᠪᠤᠯᠴᠠᠭᠰᠠᠠ᠎ᠤ ᠤᠯᠠᠮ ᠵᠶ᠋ᠠᠷ 2008 ᠤᠨ᠎ᠳᠤ ᠵᠠᠩ ᠰᠢᠶᠤᠤ ᠫᠢᠩ ᠪᠡᠬᠡᠵᠢᠩ᠎ᠤᠨ ᠤᠯᠢᠮᠫᠢᠺ᠎ᠤᠨ ᠲᠠᠮᠢᠷ᠎ᠤᠨ ᠴᠤᠭᠯᠠᠭ᠋ᠠᠨ ᠲᠡᠬᠡᠷ᠎ᠠ ᠡᠷᠡᠭᠳᠡᠢ ᠵᠢᠨ ᠪᠤᠤᠺᠰ᠎ᠤᠨ ᠤᠷᠤᠯᠳᠤᠭ᠋ᠠᠨ᠎ᠤ 81 ᠺᠢᠯᠦᠭᠷᠠᠮ᠎ᠤᠨ ᠲᠡᠰ᠎ᠲᠤ ᠠᠯᠳᠠᠨ ᠮᠧᠳᠠᠯ ᠤᠯᠵᠤ᠂ ᠦᠪᠦᠷ ᠮᠤᠩᠭᠤᠯ᠎ᠤᠨ ᠠᠩᠬᠠᠳᠠᠭᠴᠢ ᠤᠯᠢᠮᠫᠢᠺ᠎ᠤᠨ ᠠᠪᠤᠷᠭᠤ ᠪᠤᠯᠤᠭᠰᠠᠠ ᠁
    ᠠᠯᠳᠠᠨ ᠮᠧᠳᠠᠯ ᠤᠯᠤᠭᠰᠠᠠ᠎ᠤ ᠲᠠᠷᠠᠭ᠎ᠠ ᠪᠡᠯᠬᠡᠯᠡᠬᠦ ᠤᠯᠤᠰ᠎ᠤᠨ ᠲᠤᠭ᠎ᠢ ᠬᠦᠷᠳᠡᠯ᠎ᠠ ᠪᠢ ᠡᠷᠳᠡ ᠪᠡᠯᠡᠳᠬᠡᠬᠡᠳ ᠪᠠᠶ᠋ᠢᠪᠠ》
      ᠵᠠᠩ ᠰᠢᠶᠤᠤ ᠫᠢᠩ᠎ᠤᠨ 2008 ᠤᠨ᠎ᠤ ᠪᠡᠬᠡᠵᠢᠩ᠎ᠤᠨ ᠤᠯᠢᠮᠫᠢᠺ᠎ᠤᠨ ᠲᠠᠮᠢᠷ᠎ᠤᠨ ᠴᠤᠭᠯᠠᠭ᠋ᠠᠨ ᠲᠡᠬᠡᠷ᠎ᠠ ᠠᠯᠳᠠᠨ ᠮᠧᠳᠠᠯ ᠠᠪᠤᠭᠰᠠᠠ ᠭ᠋ᠱ᠌ᠠᠠ᠎ᠢ ᠲᠠᠬᠢᠨ ᠡᠷᠬᠢᠴᠡᠬᠦᠯᠵᠤ ᠶᠠᠷᠢᠬᠤ᠎ᠳᠤ ᠲᠤᠬᠠᠢ ᠵᠢᠨ ᠦᠶ᠎ᠠ᠎ᠳᠤ ᠲᠡᠬᠦᠨ᠎ᠤ ᠲᠠᠰᠬᠠᠯᠵᠢᠭᠤᠯᠤᠭᠴᠢ ᠪᠠᠶ᠋ᠢᠭᠰᠠᠠ ᠴᠢᠯᠠᠭᠤ ᠵᠢᠨ ᠴᠡᠬᠡᠵᠢᠨ᠎ᠳᠤ ᠦᠴᠦᠬᠡᠳᠦᠷ᠎ᠤᠨ ᠪᠤᠯᠤᠭᠰᠠᠠ ᠤᠴᠢᠷ ᠮᠡᠳᠤ ᠲᠤᠪ ᠲᠤᠳᠤᠷᠬᠠᠢ ᠪᠠᠶ᠋ᠢᠯ᠎ᠠ᠃
     â€” 8 á °á  á ·á Žá   ᠵᠢᠨ 24á Žá ¤ ᠦᠳᠠ ᠵᠢᠨ ᠬᠤᠶ᠋ᠢᠨ᠎ᠠ ᠵᠢᠨ 4 ᠴᠠᠭ᠎ᠤᠨ ᠦᠶ᠎ᠠ᠎ᠪᠠᠷ á ¶á  á ­ ᠠᠯᠳᠠᠠ ᠮᠧᠳᠠᠯ᠎ᠤᠨ ᠲᠦᠯᠦᠬᠡ ᠲᠡᠮᠡᠴᠡᠬᠦ ᠲᠤᠭᠯᠠᠯᠳᠠ᠎ᠪᠠᠨ ᠡᠬᠢᠯᠡᠬᠦᠯᠦᠭᠰᠡᠡ᠂ ᠰᠢᠢ᠍ᠳᠪᠤᠷᠢᠳᠤ ᠤᠷᠤᠯᠳᠤᠭ᠋ᠠᠨ᠎ᠠᠴᠠ ᠡᠮᠦᠨ᠎ᠠ ᠵᠠᠩ ᠰᠢᠶᠤᠤ ᠫᠢᠩ ᠲᠡᠯᠡᠬᠡᠢ ᠵᠢᠨ ᠡᠮᠦᠨ᠎ᠠ ᠭᠤᠷᠪᠠᠨ ᠨᠡᠷᠡᠰ᠎ᠲᠤ ᠵᠢᠭᠰᠠᠵᠤ ᠪᠠᠶ᠋ᠢᠭ᠎ᠠ ᠪᠤᠤᠺᠰᠴᠢᠨ᠎ᠢ ᠢᠯᠠᠵᠤ᠂ ᠬᠦᠴᠦᠷᠬᠡᠭ ᠲᠦᠪᠯᠡᠷᠡᠭᠰᠡᠡ ᠬᠠᠳᠠᠭᠤ ᠲᠤᠭᠤᠢ᠍ᠢ᠍ᠯᠠᠩ᠎ᠠᠴᠠ ᠰᠢᠪᠳᠤᠯᠵᠤ ᠭᠠᠷᠤᠭᠰᠠᠠ ᠲᠤᠯᠠ ᠲᠡᠳ᠋ ᠲᠡᠷᠢᠬᠦᠨ ᠪᠤᠯᠬᠤ᠎ᠳᠤ ᠨᠦᠬᠦᠬᠡ ᠲᠤᠭᠤᠢ᠍ᠢ᠍ᠯᠠᠩ᠎ᠠᠴᠠ ᠰᠢᠪᠳᠤᠯᠵᠤ á ­á  á ·á ´á ¤ ᠢᠷᠡᠭᠰᠡᠡ ᠲᠡᠯᠡᠬᠡᠢ ᠵᠢᠨ ᠲᠠᠪᠤᠳᠤᠭ᠋ᠠᠷ ᠪᠠᠶ᠋ᠢᠷᠢᠨ᠎ᠳᠤ ᠪᠠᠶ᠋ᠢᠭ᠎ᠠ ᠠᠶ᠋ᠢᠷᠯᠠᠨᠳ᠋᠎ᠤᠨ ᠲᠠᠮᠢᠷᠴᠢᠨ᠎ᠲᠠᠢ ᠬᠠᠷᠭᠤᠬᠤ ᠦᠶ᠎ᠠ᠎ᠳᠤ ᠡᠨᠡᠬᠦ ᠠᠯᠳᠠᠨ ᠮᠧᠳᠠᠯ ᠨᠢᠬᠡᠨᠳᠠ ᠵᠠᠩ ᠰᠢᠶᠤᠤ ᠫᠢᠩ ᠤᠷᠤᠭᠤ ᠬᠡᠯᠪᠠᠶ᠋ᠢᠬᠦ ᠰᠢᠭ ᠪᠤᠯᠵᠤ᠂ ᠠᠯᠳᠠᠨ ᠮᠧᠳᠠᠯ᠎ᠢ ᠤᠯᠴᠢᠬᠠᠬᠤ᠎ᠳᠤ ᠪᠢ ᠢᠳᠡᠬᠡᠯ ᠲᠡᠬᠦᠯᠳᠡᠷ ᠪᠠᠶ᠋ᠢᠬᠰᠠᠠ ᠶᠤᠮ᠃


    《ᠲᠡᠯᠡᠬᠡᠢ ᠵᠢᠨ ᠬᠠᠮᠤᠭ ᠰᠢᠯᠢᠳᠡᠭ ᠪᠤᠤᠺᠰᠴᠢᠨ᠎ᠢ á ´á ¢ ᠴᠦᠮ ᠢᠯᠠᠭ᠋ᠠᠳ á ­á  á ·á ´á ¤ ᠢᠷᠡᠭᠰᠡᠡ ᠪᠠᠶ᠋ᠢᠬᠤ᠎ᠳᠤ ᠤᠳᠤ ᠶᠠᠭᠤᠨ᠎ᠠᠴᠠ ᠠᠶᠤᠬᠤ ᠪᠤᠢ? ᠵᠤᠷᠢᠬᠳᠠᠢ ᠲᠤᠭᠯᠠ》 ᠬᠡᠵᠤ ᠴᠢᠯᠠᠭᠤ ᠲᠠᠰᠬᠠᠯᠵᠢᠭᠤᠯᠤᠭᠴᠢ ᠦᠪᠡᠷ᠎ᠤᠨ ᠡᠨᠡᠬᠦ ᠢᠳᠡᠬᠡᠯ ᠵᠶ᠋ᠠᠨ ᠵᠠᠩ ᠰᠢᠶᠤᠤ ᠫᠢᠩ᠎ᠳᠤ ᠤᠯᠠᠮᠵᠢᠯᠠᠵᠤ ᠬᠠᠶ᠋ᠢᠷᠠᠳᠤ ᠱᠠᠪᠢ ᠵᠢᠨ ᠵᠶ᠋ᠠᠨ ᠢᠳᠡᠬᠡᠯ ᠵᠤᠷᠢᠬ᠎ᠢ᠎ᠨᠢ ᠲᠠᠰᠤᠷᠠᠯᠳᠠ ᠦᠬᠡᠢ ᠡᠷᠴᠢᠯᠠᠵᠤ ᠪᠠᠶ᠋ᠢᠪᠠ᠃
    — 2008 ᠤᠨ᠎ᠤ ᠤᠯᠢᠮᠫᠢᠺ ᠪᠤᠯ ᠵᠠᠭᠤᠨ ᠵᠢᠯ᠎ᠳᠤ ᠲᠤᠬᠢᠶᠠᠯᠳᠤᠬᠤ ᠦᠬᠡᠢ ᠤᠯᠤᠰ᠎ᠲᠠᠭᠠᠨ ᠶᠠᠪᠤᠭᠳᠠᠭᠰᠠᠠ ᠤᠯᠢᠮᠫᠢᠺ᠂ ᠵᠠᠩ ᠰᠢᠶᠤᠤ ᠫᠢᠩ᠎ᠤᠨ ᠡᠷᠡᠭᠳᠡᠢ ᠵᠢᠨ ᠪᠤᠤᠺᠰ᠎ᠤᠨ 81 ᠺᠢᠯᠦᠭᠷᠠᠮ᠎ᠤᠨ ᠲᠡᠰ᠎ᠤᠨ ᠤᠷᠤᠯᠳᠤᠭ᠋ᠠᠨ᠎ᠨᠢ ᠲᠤᠰ ᠬᠤᠭᠤᠴᠠᠭ᠋ᠠᠨ᠎ᠤ ᠤᠯᠢᠮᠫᠢᠺ᠎ᠤᠨ ᠬᠠᠮᠤᠭ ᠰᠡᠬᠦᠯᠴᠢ ᠵᠢᠨ ᠨᠢᠬᠡ ᠲᠦᠷᠦᠯ᠂ ᠦᠪᠦᠷ ᠮᠤᠩᠭᠤᠯ ᠤᠯᠢᠮᠫᠢᠺ᠎ᠤᠨ ᠲᠡᠤᠬᠡᠨ᠎ᠳᠤ ᠠᠯᠳᠠᠨ ᠮᠧᠳᠠᠯ ᠦᠬᠡᠢ ᠲᠡᠤᠬᠡ᠎ᠪᠠᠨ ᠡᠴᠦᠰᠯᠡᠬᠦᠯᠵᠤ ᠲᠡᠶ᠋ᠢᠯᠬᠦ ᠡᠰᠡᠬᠦ᠎ᠨᠢ ᠴᠦᠮ ᠡᠨᠡ ᠨᠢᠬᠡ ᠲᠠᠯᠠᠪᠠᠢ ᠤᠷᠤᠯᠳᠤᠭ᠋ᠠᠨ ᠵᠶ᠋ᠠᠷ ᠲᠤᠭᠳᠠᠭ᠋ᠠᠭᠳᠠᠬᠤ ᠲᠤᠯᠠ ᠲᠤᠬᠠᠢ ᠵᠢᠨ ᠦᠶ᠎ᠠ᠎ᠳᠤ ᠮᠠᠠ᠎ᠤ ᠤᠷᠤᠨ᠎ᠤ ᠲᠠᠷᠤᠭ᠎ᠠ ᠤᠳᠤᠷᠢᠳᠤᠯᠭ᠎ᠠ ᠴᠤ᠌ ᠮᠠᠰᠢ ᠴᠢᠬᠤᠯᠠᠴᠢᠯᠠᠵᠤ 《ᠵᠠᠩ ᠰᠢᠶᠤᠤ ᠫᠢᠩ᠎ᠤᠨ ᠢᠯᠠᠬᠤ ᠪᠤᠯᠤᠮᠵᠢ ᠬᠢᠷᠢ ᠵᠡᠷᠬᠡ ᠪᠠᠶ᠋ᠢᠬᠤ ᠪᠤᠢ?》 ᠬᠡᠵᠤ ᠨᠠᠮ᠎ᠠ᠎ᠠᠴᠠ ᠠᠰᠠᠭᠤᠬᠤ᠎ᠳᠤ ᠪᠢ ᠲᠡᠳᠡᠨ᠎ᠳᠤ 《6á „ 4 ᠵᠢᠨ ᠬᠠᠷᠢᠴᠠᠯ ᠪᠤᠢ᠂ ᠵᠠᠩ ᠰᠢᠶᠤᠤ ᠫᠢᠩ᠎ᠤᠨ ᠢᠯᠠᠬᠤ ᠪᠤᠯᠤᠮᠵᠢ 6 ᠬᠠᠷᠢᠴᠠᠯ᠎ᠢ ᠡᠵᠡᠯᠡᠨ᠎ᠠ》 ᠬᠡᠵᠤ ᠲᠡᠳᠡᠨ ᠵᠶ᠋ᠠᠨ ᠪᠠᠰᠠ ᠵᠤᠷᠢᠬ᠍ᠵᠢᠭᠤᠯᠵᠤ ᠪᠠᠶ᠋ᠢᠭᠰᠠᠠ á ¡  á ƒ


    — ᠦᠨᠡᠨ᠎ᠳᠡᠭᠡᠨ ᠪᠢ ᠠᠯᠢ ᠡᠷᠳᠡ᠎ᠠᠴᠠ ᠵᠠᠩ ᠰᠢᠶᠤᠤ ᠫᠢᠩ ᠠᠯᠳᠠᠨ ᠮᠧᠳᠠᠯ ᠤᠯᠤᠭᠰᠠᠠ᠎ᠤ ᠲᠠᠷᠠᠭ᠎ᠠ ᠬᠡᠷᠬᠢᠨ ᠪᠡᠯᠬᠡᠯᠡᠬᠦ ᠲᠤᠬᠠᠢ ᠬᠦᠷᠳᠡᠯ᠎ᠠ ᠴᠦᠮ ᠨᠠᠷᠢᠨ ᠪᠤᠳᠤᠯᠬᠢᠯᠠᠵᠤ᠂ ᠦᠪᠡᠷ᠎ᠤᠨ ᠲᠦᠷᠡᠶ᠋ᠢᠪᠴᠢ᠎ᠳᠡᠭᠡᠨ ᠤᠯᠤᠰ᠎ᠤᠨ ᠲᠤᠭ ᠵᠶ᠋ᠠᠨ ᠬᠢᠵᠤ᠂ ᠲᠡᠬᠦᠨ ᠵᠶ᠋ᠠᠨ ᠪᠠᠰᠠ ᠲᠠᠮᠢᠷᠴᠢᠨ᠎ᠳᠤ ᠦᠵᠡᠬᠦᠯᠪᠠᠯ ᠰᠡᠳᠬᠢᠴᠠ᠎ᠳᠤᠨᠢ ᠲᠠᠷᠤᠭ᠋ᠠᠰᠤ ᠪᠤᠯᠬᠤ᠎ᠠᠴᠠ ᠬᠢᠴᠢᠶᠠᠵᠤ᠂ ᠠᠯᠳᠠᠨ ᠮᠧᠳᠠᠯ ᠤᠯᠤᠭᠰᠠᠠ᠎ᠤ ᠲᠠᠷᠠᠭ᠋ᠠᠬᠢ ᠲᠡᠷᠡ ᠭ᠋ᠱ᠌ᠠᠠ᠎ᠳᠤ ᠵᠠᠩ ᠰᠢᠶᠤᠤ ᠫᠢᠩ᠎ᠳᠤ ᠭᠠᠷᠳᠠᠭᠤᠯᠤᠭᠰᠠᠠ ᠶᠤᠮ ᠬᠡᠵᠤ ᠴᠢᠯᠠᠭᠤ ᠬᠦᠭᠵᠢᠶᠠᠨᠳᠠᠢ ᠶᠠᠷᠢᠬᠤ ᠵᠢᠨ ᠵᠶ᠋ᠠᠨ ᠲᠠᠭ᠋ᠠᠤ á ­á  á · ᠤᠳᠠᠰᠤᠨ ᠲᠡᠬᠡᠷ᠎ᠠ᠎ᠠᠴᠠ᠎ᠪᠠᠨ ᠲᠤᠬᠠᠢ ᠵᠢᠨ ᠦᠶ᠎ᠠ᠎ᠳᠤ ᠰᠡᠬᠦᠳᠡᠷᠯᠡᠭᠰᠡᠡ ᠸᠢᠳᠢᠣ᠋ ᠪᠢᠴᠢᠯᠬᠡ᠎ᠪᠠᠨ ᠭᠠᠷᠭ᠋ᠠᠵᠤ ᠰᠤᠷᠪᠤᠯᠵᠢᠯᠠᠭᠴᠢ᠎ᠳᠤ ᠦᠵᠡᠬᠦᠯᠦᠨ᠎ᠠ᠃
    《ᠮᠢᠨᠤ ᠰᠡᠳᠬᠢᠯ᠎ᠳᠤ ᠲᠡᠷᠡ ᠨᠢᠬᠡᠨᠳᠠ ᠵᠦᠪᠬᠡᠨ ᠮᠢᠨᠤ ᠲᠠᠰᠬᠠᠯᠵᠢᠭᠤᠯᠤᠭᠴᠢ ᠪᠢᠰᠢ ᠬᠠᠷᠢᠨ ᠮᠢᠨᠤ ᠬᠠᠮᠤᠭ᠎ᠤᠨ ᠬᠠᠶ᠋ᠢᠷᠠᠳᠠᠢ ᠬᠡᠷ᠎ᠤᠨ ᠬᠦᠮᠦᠨ ᠮᠦᠨ》
    ᠪᠡᠬᠡᠵᠢᠩ᠎ᠤᠨ ᠤᠯᠢᠮᠫᠢᠺ᠎ᠠᠴᠠ ᠡᠮᠦᠨ᠎ᠠ ᠵᠠᠩ ᠰᠢᠶᠤᠤ ᠫᠢᠩ᠎ᠢ ᠠᠯᠳᠠᠨ ᠮᠧᠳᠠᠯ ᠤᠯᠴᠢᠬᠠᠨ᠎ᠠ ᠬᠡᠳᠡᠭ᠎ᠢ ᠪᠤᠳᠤᠵᠤ ᠤᠯᠬᠤ ᠬᠦᠮᠦᠨ ᠪᠠᠷᠤᠭ ᠲᠡᠮᠡᠢ ᠪᠠᠶ᠋ᠢᠬᠤ ᠦᠬᠡᠢ ᠪᠠᠶ᠋ᠢᠵᠠᠢ᠃ ᠲᠤᠭᠤᠢ᠍ᠢ᠍ᠯᠠᠩ ᠬᠤᠪᠢᠶᠠᠬᠤ ᠰᠢᠪᠠᠭ᠎ᠠ ᠰᠤᠭᠤᠯᠤᠭᠰᠠᠠ᠎ᠤ ᠰᠡᠬᠦᠯᠡᠷ ᠬᠦᠮᠦᠰ ᠡᠬᠦᠨ᠎ᠤ ᠲᠤᠬᠠᠢ ᠨᠠᠩ ᠴᠤ᠌ ᠬᠦᠰᠡᠯ ᠡᠪᠦᠷᠯᠡᠬᠦ᠎ᠪᠠᠨ ᠪᠤᠯᠢᠪᠠ᠃ ᠤᠴᠢᠷ᠎ᠨᠢ ᠲᠤᠬᠠᠢ ᠵᠢᠨ ᠦᠶ᠎ᠠ ᠵᠢᠨ ᠲᠡᠯᠡᠬᠡᠢ ᠵᠢᠨ ᠠᠪᠤᠷᠭᠤ᠂ ᠡᠸᠦ᠋ᠷᠦᠫᠠ ᠵᠢᠨ ᠠᠪᠤᠷᠭᠤ ᠵᠡᠷᠬᠡ ᠨᠡᠷᠡᠳᠤ ᠪᠤᠤᠺᠰᠴᠢᠨ ᠴᠦᠮ ᠵᠠᠩ ᠰᠢᠶᠤᠤ ᠫᠢᠩ᠎ᠲᠠᠢ ᠨᠢᠬᠡ ᠲᠤᠭᠤᠢ᠍ᠢ᠍ᠯᠠᠩ᠎ᠳᠤ ᠬᠤᠪᠢᠶᠠᠭᠳᠠᠵᠤ᠂ ᠲᠤᠭᠤᠢ᠍ᠢ᠍ᠯᠠᠩ᠎ᠤᠨ ᠤᠷᠤᠯᠳᠤᠭ᠋ᠠᠨ᠎ᠠᠴᠠ ᠰᠢᠪᠳᠤᠯᠵᠤ ᠭᠠᠷᠬᠤ᠎ᠨᠢ ᠨᠢᠬᠡᠨᠳᠠ ᠪᠡᠶᠡᠯᠡᠭᠳᠡᠰᠢ ᠦᠬᠡᠢ ᠬᠠᠳᠠᠭᠤ ᠰᠢᠯᠭ᠋ᠠᠯᠳᠠ ᠪᠤᠯᠤᠭᠰᠠᠠ ᠪᠠᠶ᠋ᠢᠯ᠎ᠠ᠃ ᠬᠡᠳᠡᠯ᠎ᠠ ᠡᠳᠡᠬᠡᠷ ᠬᠦᠴᠦᠷᠬᠡᠭ ᠦᠷᠢᠰᠦᠯᠳᠦᠭᠴᠢ ᠵᠢᠨ ᠡᠮᠦᠨ᠎ᠠ ᠵᠠᠩ ᠰᠢᠶᠤᠤ ᠫᠢᠩ ᠪᠤᠯᠤᠨ ᠲᠠᠰᠬᠠᠯᠵᠢᠭᠤᠯᠤᠭᠴᠢ ᠴᠢᠯᠠᠭᠤ ᠬᠤᠶᠠᠭᠤᠯᠠ ᠬᠠᠷᠢᠨ ᠦᠴᠦᠬᠡᠨ ᠴᠤ᠌ ᠰᠦᠷᠳᠡᠭᠡ ᠦᠬᠡᠢ᠂ ᠠᠯᠢ ᠡᠷᠳᠡ᠎ᠠᠴᠠ᠎ᠪᠠᠨ ᠪᠡᠯᠡᠳᠬᠡᠯ ᠪᠤᠯᠪᠠᠰᠤᠷᠠᠯ ᠵᠶ᠋ᠠᠨ ᠪᠦᠷᠢᠨ ᠰᠠᠶ᠋ᠢᠨ ᠬᠢᠭᠰᠡᠡ ᠲᠡᠳᠡ ᠬᠤᠶᠠᠭᠤᠯᠠ ᠲᠠᠯᠠᠪᠠᠢ ᠪᠤᠯᠭ᠋ᠠᠨ᠎ᠤ ᠦᠷᠢᠰᠦᠯᠳᠦᠭᠴᠢ᠎ᠪᠠᠨ ᠬᠡᠷᠬᠢᠨ ᠢᠯᠠᠬᠤ ᠲᠤᠬᠠᠢ ᠲᠤᠳᠤᠷ᠎ᠠ ᠲᠤᠳᠤᠷ᠎ᠠ᠎ᠪᠠᠨ ᠲᠤᠭ᠎ᠠ᠎ᠲᠠᠢ᠃


     â€” ᠬᠡᠳᠦ ᠤᠳᠠᠭ᠋ᠠᠨ᠎ᠤ ᠲᠡᠯᠡᠬᠡᠢ ᠵᠢᠨ ᠰᠤᠩᠭᠤᠯᠳᠠ᠎ᠪᠠᠷ ᠲᠡᠮᠵᠢᠨ ᠵᠠᠩ ᠰᠢᠶᠤᠤ ᠫᠢᠩ ᠤᠯᠢᠮᠫᠢᠺ᠎ᠤᠨ ᠡᠷᠬᠡ ᠵᠢ ᠤᠯᠵᠤ᠂ ᠡᠬᠦᠨ᠎ᠤ᠎ᠪᠠᠨ ᠲᠠᠷᠡᠭ᠋ᠠᠬᠠᠨ ᠪᠢᠳᠠ ᠲᠠᠷᠡ ᠲᠠᠷᠤᠢ᠎ᠳᠤᠨᠢ ᠤᠯᠢᠮᠫᠢᠺ᠎ᠤᠨ ᠤᠷᠤᠯᠳᠤᠭ᠋ᠠᠨ᠎ᠤ ᠡᠷᠬᠡ ᠵᠢ ᠤᠯᠤᠭᠰᠠᠠ ᠪᠦᠬᠦ ᠲᠡᠯᠡᠬᠡᠢ ᠵᠢᠨ ᠪᠤᠰᠤᠳ 81 ᠺᠢᠯᠦᠭᠷᠠᠮ ᠲᠡᠰ᠎ᠲᠤ ᠤᠷᠤᠯᠳᠤᠬᠤ ᠵᠠᠩ ᠰᠢᠶᠤᠤ ᠫᠢᠩ᠎ᠤᠨ 27 ᠦᠷᠢᠰᠦᠯᠳᠦᠭᠴᠢ ᠵᠢᠨ ᠤᠷᠤᠯᠳᠤᠭ᠋ᠠᠨ᠎ᠤ ᠪᠢᠴᠢᠯᠬᠡ ᠵᠢ ᠴᠦᠮ ᠤᠯᠵᠤ᠂ ᠪᠦᠬᠦ ᠦᠷᠢᠰᠦᠯᠳᠦᠭᠴᠢ ᠵᠢᠨ ᠵᠶ᠋ᠠᠨ ᠲᠤᠭᠯᠠᠬᠤ á  á ·á ­á Žá   ᠪᠠᠷᠢᠯ᠎ᠢ ᠰᠤᠳᠤᠯᠵᠤ᠂ ᠮᠠᠰᠢ á ¶á ¡á ­á ¡ ᠰᠤᠳᠤᠯᠭ᠋ᠠᠨ ᠬᠢᠵᠤ ᠮᠡᠭᠡ ᠮᠡᠷᠬᠡᠵᠢᠯ᠎ᠢ ᠬᠠᠨᠳᠤᠯᠭ᠋ᠠᠳᠤ ᠴᠢᠨᠠᠷᠳᠠᠢ᠎ᠪᠠᠷ ᠪᠠᠶ᠋ᠢᠯᠳᠤᠬᠤ ᠪᠤᠳᠤᠯᠭ᠎ᠠ ᠲᠤᠭᠳᠠᠭ᠋ᠠᠵᠤ ᠪᠤᠯᠪᠠᠰᠤᠷᠠᠭᠤᠯᠪᠠ᠃ ᠡᠬᠦᠨ᠎ᠠᠴᠠ ᠭᠠᠳᠠᠨ᠎ᠠ ᠪᠠᠰᠠ ᠡᠷᠡᠬᠦᠯ ᠬᠠᠮᠠᠭ᠋ᠠᠯᠠᠯ᠂ ᠬᠡᠮᠳᠤᠯ ᠰᠢᠷᠬᠠᠳᠤᠯ᠂ ᠰᠡᠳᠬᠢᠯ ᠰᠠᠨᠠᠭ᠎ᠠ᠂ ᠤᠨᠳᠠᠵᠤ ᠠᠮᠠᠷᠠᠬᠤ᠂ ᠬᠤᠭᠤᠯᠠ ᠤᠮᠳᠠ ᠵᠡᠷᠬᠡ ᠪᠦᠬᠦ ᠲᠠᠯ᠎ᠠ᠎ᠳᠤ ᠪᠠᠳᠤᠯᠠᠭ᠎ᠠ ᠬᠠᠩᠭ᠋ᠠᠵᠤ᠂ ᠦᠷᠢᠰᠦᠯᠳᠦᠭᠴᠢ᠎ᠲᠠᠢ᠎ᠪᠠᠨ ᠲᠠᠯᠠᠪᠠᠢ ᠲᠡᠬᠡᠷ᠎ᠠ ᠶᠠᠭ᠋ᠠᠬᠢᠵᠤ ᠲᠤᠭᠯᠠᠬᠤ᠂ ᠶᠠᠮᠠᠷ ᠮᠡᠭᠡ ᠮᠡᠷᠬᠡᠵᠢᠯ ᠵᠶ᠋ᠠᠷ ᠢᠯᠠᠬᠤ ᠵᠢ ᠪᠦᠷ ᠲᠠᠮᠢᠷᠴᠢᠨ᠎ᠤ ᠲᠠᠷᠢᠬᠢ ᠲᠤᠯᠤᠭ᠋ᠠᠢ᠂ ᠦᠪᠡᠷ᠎ᠤᠨ ᠲᠠᠷᠢᠬᠢ ᠲᠤᠯᠤᠭ᠋ᠠᠢ᠎ᠳᠠᠭᠠᠨ ᠲᠤᠪ ᠲᠤᠳᠤᠷᠬᠠᠢ ᠴᠡᠬᠡᠵᠢᠯᠡᠵᠤ᠂ ᠶᠠᠮᠠᠷ ᠴᠤ᠌ ᠶᠠᠭᠤᠮ᠎ᠠ ᠵᠢ ᠨᠢᠳᠤᠨ᠎ᠳᠤ ᠦᠵᠡᠭᠳᠡᠵᠤ ᠭᠠᠷ᠎ᠲᠤ ᠪᠠᠷᠢᠬᠳᠠᠮᠠᠷ ᠬᠢᠵᠤ ᠪᠤᠯᠪᠠᠰᠤᠷᠠᠭᠰᠠᠠ ᠲᠤᠯᠠ ᠤᠳᠠᠭ᠎ᠠ ᠪᠤᠯᠭ᠋ᠠᠨ᠎ᠤ ᠦᠷᠢᠰᠦᠯᠳᠦᠭᠴᠢ᠎ᠪᠠᠨ ᠴᠦᠮ ᠠᠮᠠᠷᠬᠠᠨ ᠢᠯᠠᠵᠤ ᠪᠠᠶ᠋ᠢᠭᠰᠠᠠ᠂ ᠬᠡᠳᠦ᠋ᠢ᠍ᠪᠠᠷ ᠬᠠᠳᠠᠭᠤ ᠴᠢᠩᠭ᠎ᠠ ᠦᠷᠢᠰᠦᠯᠳᠦᠭᠴᠢ ᠲᠠᠭ᠋ᠠᠷᠠᠭᠰᠠᠠ ᠪᠤᠯᠪᠠᠴᠤ᠂ ᠡᠩ᠎ᠤᠨ ᠴᠠᠭ᠎ᠤᠨ ᠪᠤᠯᠪᠠᠰᠤᠷᠠᠯ ᠰᠠᠶ᠋ᠢᠨ ᠰᠤᠳᠤᠯᠭ᠋ᠠᠨ ᠰᠠᠶ᠋ᠢᠨ ᠲᠤᠯᠠ ᠴᠠᠭ᠋ᠠᠳᠤᠬᠢ᠎ᠪᠠᠨ á ­á  á ·á ´á  á ­á Žá   ᠦᠬᠡᠢ ᠬᠤᠨᠵᠢᠭᠰᠠᠠ ᠶᠤᠮ ᠬᠡᠵᠤ ᠴᠢᠯᠠᠭᠤ ᠡᠳᠦᠷ ᠰᠦᠨᠢ ᠦᠬᠡᠢ ᠬᠦᠴᠦ ᠬᠦᠯᠦᠰᠤ᠎ᠪᠠᠨ ᠤᠷᠤᠰᠬᠠᠨ ᠤᠶᠤᠨ ᠤᠬᠠᠭ᠋ᠠᠨ ᠵᠶ᠋ᠠᠨ ᠰᠢᠪᠬᠠᠵᠤ ᠪᠠᠶ᠋ᠢᠭᠰᠠᠠ ᠲᠤᠬᠠᠢ ᠵᠢᠨ á ´á  á ­ ᠊ᠦᠶ᠎ᠠ᠎ᠪᠠᠨ ᠡᠷᠬᠢᠴᠡᠬᠦᠯᠬᠦ᠎ᠳᠡᠭᠡᠨ ᠰᠢᠯᠢᠳᠡᠭ ᠲᠠᠮᠢᠷᠴᠢᠨ ᠬᠦᠮᠦᠵᠢᠬᠦᠯᠬᠦ᠎ᠳᠤ ᠪᠠᠭᠰᠢ ᠵᠢᠨ ᠶᠠᠳᠠᠷᠠᠭ᠎ᠠ ᠠᠵᠢᠯᠯᠠᠭ᠎ᠠ ᠮᠠᠰᠢ á ¶á ¡á ­á ¡ ᠰᠢᠤ ᠬᠡᠵᠤ ᠰᠤᠷᠪᠤᠯᠵᠢᠯᠠᠭᠴᠢ᠎ᠳᠤ ᠰᠡᠬᠦᠷᠡᠰᠤ ᠠᠯᠳᠠᠨ ᠶᠠᠷᠢᠨ᠎ᠠ᠃ ᠵᠠᠩ ᠰᠢᠶᠤᠤ ᠫᠢᠩ ᠪᠡᠬᠡᠵᠢᠩ᠎ᠤᠨ ᠤᠯᠢᠮᠫᠢᠺ᠎ᠲᠤ ᠠᠮᠵᠢᠯᠳᠠ ᠤᠯᠤᠭᠰᠠᠠ᠎ᠤ ᠭᠠᠪᠢᠶ᠎ᠠ ᠵᠢᠳᠬᠦᠯ᠎ᠢ ᠦᠨᠡᠯᠡᠬᠦ᠎ᠳᠤ ᠲᠠᠰᠬᠠᠯᠵᠢᠭᠤᠯᠤᠭᠴᠢ ᠴᠢᠯᠠᠭᠤ ᠵᠢᠨ ᠬᠦᠴᠦ ᠬᠦᠳᠡᠯᠮᠦᠷᠢ ᠵᠢ ᠤᠮᠳᠤᠭ᠋ᠠᠢ᠍ᠢ᠍ᠯᠠᠬᠤ ᠵᠢᠨ á  á ·á ­á Žá   ᠦᠬᠡᠢ᠃ ᠤᠳᠤᠬᠠᠨ᠎ᠳᠤ ᠱᠧᠨᠵᠸᠠ᠎ᠳᠤ 《ᠰᠢᠶᠤᠤ ᠫᠢᠩ ᠪᠡᠶ᠎ᠠ ᠵᠢᠨ ᠲᠠᠮᠢᠷ》᠎ᠢ ᠡᠷᠬᠢᠯᠡᠵᠤ ᠶᠠᠪᠤᠭ᠎ᠠ ᠵᠠᠩ ᠰᠢᠶᠤᠤ ᠫᠢᠩ ᠸᠢᠴᠠᠲ ᠵᠶ᠋ᠠᠷ ᠰᠤᠷᠪᠤᠯᠵᠢᠯᠠᠭᠴᠢ ᠵᠢᠨ ᠰᠤᠷᠪᠤᠯᠵᠢᠯᠠᠭ᠎ᠠ ᠵᠢ ᠬᠦᠯᠢᠶᠡᠬᠦ᠎ᠳᠡᠭᠡᠨ᠄
     â€” ᠦᠪᠦᠷ ᠮᠤᠩᠭᠤᠯ᠎ᠤᠨ ᠪᠡᠶ᠎ᠠ ᠵᠢᠨ ᠲᠠᠮᠢᠷ᠎ᠤᠨ ᠲᠡᠤᠬᠡᠨ᠎ᠳᠠᠬᠢ ᠠᠩᠬᠠᠳᠠᠭᠴᠢ ᠤᠯᠢᠮᠫᠢᠺ᠎ᠤᠨ ᠠᠯᠳᠠᠨ ᠮᠧᠳᠠᠯ᠎ᠢ ᠤᠯᠤᠭᠰᠠᠠ᠎ᠳᠠᠭᠠᠨ ᠪᠢ ᠲᠦᠢ᠍ᠯ ᠵᠶ᠋ᠠᠷ ᠤᠮᠤᠭᠰᠢᠳᠠᠭ᠂ ᠡᠨᠡᠬᠦ ᠠᠯᠳᠠᠨ ᠮᠧᠳᠠᠯ᠎ᠢ ᠤᠯᠤᠭᠰᠠᠠ ᠭᠠᠪᠢᠶ᠎ᠠ ᠵᠢᠳᠬᠦᠯ ᠪᠤᠯᠤᠨ ᠢᠷᠠᠭᠤ ᠠᠯᠳᠠᠷ ᠪᠤᠯ ᠡᠬᠦᠨ᠎ᠤ ᠲᠦᠯᠦᠬᠡ ᠰᠢᠮᠳᠠᠭᠰᠠᠭ᠋ᠠᠷ ᠢᠷᠡᠭᠰᠡᠡ ᠬᠠᠮᠳᠤ ᠨᠢᠬᠡᠴᠠ ᠵᠢᠨ᠎ᠬᠢ᠂ ᠠᠯᠳᠠᠨ ᠮᠧᠳᠠᠯ᠎ᠤᠨ ᠲᠦᠯᠦᠬᠡ ᠬᠦᠴᠦ ᠬᠦᠯᠦᠰᠤ᠎ᠪᠠᠨ ᠤᠷᠤᠰᠬᠠᠭᠰᠠᠠ ᠮᠠᠨ᠎ᠤ ᠬᠠᠮᠳᠤ ᠨᠠᠶ᠋ᠢᠳᠠ ᠵᠢᠴᠢ ᠪᠦᠬᠦᠳᠠ ᠬᠦᠮᠦᠰ᠎ᠲᠡᠭᠡᠨ ᠪᠢ ᠲᠠᠬᠢᠨᠳᠠ ᠲᠠᠯᠠᠷᠬᠠᠵᠤ ᠪᠠᠶ᠋ᠢᠨ᠎ᠠ! ᠨᠠᠩ ᠢᠯᠠᠩᠭᠤᠶ᠎ᠠ ᠴᠢᠯᠠᠭᠤ ᠲᠠᠰᠬᠠᠯᠵᠢᠭᠤᠯᠤᠭᠴᠢ᠎ᠳᠠᠭᠠᠨ ᠬᠠᠮᠤᠭ᠎ᠠᠴᠠ ᠢᠯᠡᠬᠦᠦ ᠲᠠᠯᠠᠷᠬᠠᠨ᠎ᠠ᠂ ᠪᠤᠰᠤᠳ᠎ᠤᠨ ᠨᠢᠳᠤᠨ᠎ᠳᠤ ᠴᠢᠯᠠᠭᠤ ᠵᠦᠪᠬᠡᠨ ᠵᠠᠩ ᠰᠢᠶᠤᠤ ᠫᠢᠩ᠎ᠤᠨ ᠲᠠᠰᠬᠠᠯᠵᠢᠭᠤᠯᠤᠭᠴᠢ ᠲᠡᠳᠦᠢ᠂ ᠬᠡᠬᠦ᠎ᠳᠤ ᠮᠢᠨᠤ ᠰᠡᠳᠬᠢᠯ᠎ᠳᠤ ᠲᠡᠷᠡ ᠨᠢᠬᠡᠨᠳᠠ ᠵᠦᠪᠬᠡᠨ ᠮᠢᠨᠤ ᠲᠠᠰᠬᠠᠯᠵᠢᠭᠤᠯᠤᠭᠴᠢ ᠪᠢᠰᠢ ᠬᠠᠷᠢᠨ ᠮᠢᠨᠤ ᠬᠠᠮᠤᠭ᠎ᠤᠨ ᠬᠠᠶ᠋ᠢᠷᠠᠳᠠᠢ ᠬᠡᠷ᠎ᠤᠨ ᠬᠦᠮᠦᠨ ᠮᠦᠨ ᠬᠡᠵᠤ ᠶᠠᠷᠢᠬᠰᠠᠠ ᠪᠢᠯᠠ᠃


    ᠤᠯᠢᠮᠫᠢᠺ᠎ᠨᠢ ᠨᠢᠬᠡᠨ ᠲᠠᠮᠢᠷᠴᠢᠨ ᠬᠦᠮᠦᠨ᠎ᠳᠤ ᠠᠪᠴᠤ ᠬᠡᠯᠡᠪᠠᠯ ᠬᠠᠮᠤᠭ᠎ᠤᠨ ᠲᠤᠮᠤ ᠬᠠᠷᠠᠯᠳᠠ ᠪᠠᠶ᠋ᠢᠭᠰᠠᠠ ᠶᠤᠮ ᠪᠤᠯ ᠴᠢᠯᠠᠭᠤ ᠡᠨᠡᠬᠦ ᠬᠠᠷᠠᠯᠳᠠ ᠵᠢᠨ ᠲᠦᠯᠦᠬᠡ 20 ᠵᠢᠯ ᠵᠢᠳᠬᠦᠪᠠ᠃

    — ᠤᠤᠯ᠎ᠨᠢ ᠪᠢ ᠵᠢᠤᠳᠤᠤ ᠪᠦᠬᠡ ᠵᠢᠨ ᠲᠠᠮᠢᠷᠴᠢᠨ ᠪᠠᠶ᠋ᠢᠵᠤ᠂ ᠠᠵᠠ ᠪᠤᠰᠤ ᠬᠡᠮᠳᠤᠯ ᠰᠢᠷᠬᠠᠳᠤᠯ᠎ᠠᠴᠠ ᠪᠤᠯᠵᠤ 88 ᠤᠨ᠎ᠳᠤ ᠲᠦᠷᠦᠯ ᠵᠦᠢ᠍ᠯ ᠠᠯᠤᠰᠯᠠᠵᠤ ᠪᠤᠤᠺᠰ ᠪᠤᠯᠪᠠᠰᠤᠷᠠᠭᠰᠠᠠ ᠶᠤᠮ᠃ ᠦᠪᠦᠷ ᠮᠤᠩᠭᠤᠯ᠎ᠤᠨ ᠪᠤᠤᠺᠰ᠎ᠤᠨ ᠠᠩᠬᠢ ᠠᠩᠬ᠎ᠠ ᠪᠠᠶ᠋ᠢᠭᠤᠯᠤᠭᠳᠠᠵᠤ ᠪᠠᠶ᠋ᠢᠭᠰᠠᠠ ᠲᠡᠷᠡ ᠦᠶᠡᠰ á ¶á  á ­ 1988 ᠤᠨ᠎ᠤ ᠰᠸᠦ᠋ᠯ᠎ᠤᠨ ᠤᠯᠢᠮᠫᠢᠺ ᠶᠠᠪᠤᠭᠳᠠᠵᠤ ᠪᠠᠶ᠋ᠢᠭᠰᠠᠠ ᠲᠤᠯᠠ ᠲᠧᠯᠸᠢᠰ ᠲᠡᠬᠡᠷ᠎ᠠ᠎ᠠᠴᠠ ᠤᠯᠢᠮᠫᠢᠺ ᠬᠡᠭᠴᠢ ᠲᠡᠯᠡᠬᠡᠢ ᠵᠢᠨ ᠤᠳᠤᠨ ᠰᠤᠳᠤᠨ ᠢᠷᠠᠵᠤ ᠲᠡᠮᠡᠴᠡᠳᠡᠭ ᠲᠡᠯᠡᠬᠡᠢ ᠵᠢᠨ ᠬᠠᠮᠤᠭ ᠦᠨᠳᠦᠷ ᠲᠦᠪᠰᠢᠨ᠎ᠤ ᠲᠠᠪᠴᠠᠩ ᠬᠡᠳᠡᠭ᠎ᠢ ᠦᠢ᠍ᠯᠠᠭ᠋ᠠᠵᠤ᠂ ᠡᠨᠡ ᠲᠡᠮᠡᠴᠡᠬᠡᠨ᠎ᠳᠤ ᠶᠠᠭ᠋ᠠᠬᠢᠵᠤ ᠨᠢᠬᠡ ᠤᠷᠤᠳᠠᠭ ᠪᠤᠯ ᠬᠡᠰᠡᠡ ᠪᠤᠳᠤᠯ ᠲᠡᠷᠡ ᠦᠶᠡᠰ᠎ᠠᠴᠠ ᠤᠷᠭᠤᠭᠰᠠᠠ á ¡á ƒ ᠬᠡᠳᠡᠯ᠎ᠠ ᠰᠠᠨᠠᠭ᠋ᠠᠨ᠎ᠳᠤ ᠦᠬᠡᠢ᠎ᠨᠢ ᠲᠦᠷᠪᠠᠨ ᠵᠢᠯ᠎ᠤᠨ ᠲᠠᠷᠠᠭ᠋ᠠᠬᠢ ᠪᠠᠷᠤᠽᠢᠯᠦᠨᠠ ᠵᠢᠨ ᠤᠯᠢᠮᠫᠢᠺ᠎ᠲᠤ ᠪᠢ ᠦᠪᠡᠷ᠎ᠤᠨ ᠪᠡᠶ᠎ᠠ᠎ᠪᠠᠷ ᠵᠶ᠋ᠠᠨ ᠤᠷᠤᠭᠰᠠᠠ᠎ᠨᠢ ᠶᠤᠰᠤᠳᠠᠢ ᠵᠡᠬᠦᠳᠤ ᠰᠢᠭ ᠰᠠᠨᠠᠭᠳᠠᠵᠤ ᠪᠠᠶ᠋ᠢᠭᠰᠠᠠ᠂ ᠬᠡᠳᠦ᠋ᠢ᠍ᠪᠠᠷ ᠦᠪᠡᠷ᠎ᠤᠨ ᠠᠩᠬᠠᠳᠠᠭᠴᠢ ᠤᠯᠢᠮᠫᠢᠺ᠎ᠲᠤ ᠠᠮᠵᠢᠯᠳᠠ ᠤᠯᠵᠤ ᠴᠢᠳᠠᠭ᠎ᠠ ᠦᠬᠡᠢ ᠴᠤ᠌ ᠲᠡᠷᠡ ᠦᠶ᠎ᠠ ᠵᠢᠨ ᠮᠢᠨᠤ ᠪᠤᠳᠤᠯ᠎ᠳᠤ ᠰᠡᠬᠦᠯᠡᠷ ᠪᠢ ᠪᠠᠭᠰᠢ ᠪᠤᠯᠵᠤ ᠦᠪᠡᠷ᠎ᠤᠨ ᠱᠠᠪᠢ᠎ᠪᠠᠨ ᠤᠯᠢᠮᠫᠢᠺ᠎ᠲᠤ ᠮᠧᠳᠠᠯ ᠠᠪᠤᠭᠤᠯᠤᠨ᠎ᠠ ᠬᠡᠰᠡᠡ ᠠᠯᠤᠰ᠎ᠤᠨ ᠪᠤᠳᠤᠯ ᠨᠠᠳᠠᠳᠤ ᠤᠷᠤᠵᠤ ᠢᠷᠡᠭᠰᠡᠡ᠂ 2004 ᠤᠨ᠎ᠳᠤ ᠦᠪᠡᠷ᠎ᠤᠨ ᠲᠡᠬᠦᠦ᠎ᠪᠠᠨ ᠲᠠᠭ᠋ᠠᠭᠤᠯᠵᠤ ᠤᠯᠢᠮᠫᠢᠺ᠎ᠲᠤ ᠤᠷᠤᠬᠤ᠎ᠳᠤ á  á ·á  á ¢ ᠠᠵᠠ ᠮᠠᠭᠤᠳᠠᠵᠤ᠂ ᠦᠪᠡᠷ᠎ᠤᠨ ᠬᠢᠷᠢ ᠬᠡᠮᠵᠢᠶ᠎ᠠ ᠪᠠᠰᠠ á  á ·á  á ¢ ᠴᠢᠩᠭ᠋ᠠᠷᠠᠵᠤ ᠢᠷᠡᠭᠰᠡᠡ ᠦᠬᠡᠢ ᠮᠠᠭ᠋ᠠᠳ ᠠᠮᠵᠢᠯᠳᠠ ᠤᠯᠵᠤ ᠴᠢᠳᠠᠭ᠎ᠠ ᠦᠬᠡᠢ᠃ ᠡᠬᠦᠨ᠎ᠤ ᠰᠡᠬᠦᠯᠡᠷ ᠪᠢ ᠤᠯᠤᠰ᠎ᠤᠨ ᠲᠤᠳᠤᠷ᠎ᠠ 81 ᠺᠢᠯᠦᠭᠷᠠᠮ᠎ᠳᠤ ᠰᠤᠭᠤᠷᠠᠵᠤ á ­á  á ·á ´á ¤ ᠢᠷᠡᠭᠰᠡᠡ ᠦᠪᠡᠷ᠎ᠤᠨ ᠭᠠᠷ᠎ᠤᠨ ᠱᠠᠪᠢ ᠵᠠᠩ ᠰᠢᠶᠤᠤ ᠫᠢᠩ (ᠦᠨᠡᠨ᠎ᠳᠡᠭᠡᠨ ᠬᠠᠳᠠᠪᠠᠭ᠋ᠠᠳᠤᠷ᠎ᠤᠨ ᠪᠤᠯᠪᠠᠰᠤᠷᠠᠯ᠎ᠤᠨ ᠲᠤᠰᠠᠯᠠᠭᠴᠢ ᠪᠠᠶ᠋ᠢᠵᠠᠢ) ᠵᠶ᠋ᠠᠨ ᠲᠠᠭ᠋ᠠᠭᠤᠯᠵᠤ ᠤᠯᠠᠨ ᠤᠯᠤᠰ᠎ᠤᠨ ᠲᠡᠮᠡᠴᠡᠬᠡᠨ᠎ᠳᠤ ᠤᠯᠠᠨᠳᠠ ᠤᠷᠤᠯᠴᠠᠭᠤᠯᠵᠤ᠂ ᠲᠡᠬᠦᠨ᠎ᠤ ᠤᠷ᠎ᠠ ᠠᠪᠢᠶᠠᠰ᠂ ᠪᠤᠯᠪᠠᠰᠤᠷᠠᠯ᠎ᠤᠨ ᠲᠤᠷᠰᠢᠯᠭ᠎ᠠ᠂ ᠲᠤᠭᠯᠠᠬᠤ á  á ·á ­á Žá   ᠮᠠᠶᠢᠭ᠎ᠢ ᠲᠡᠬᠡᠭᠰᠢᠯᠡᠬᠦᠯᠵᠤ᠂ 2008 ᠤᠨ᠎ᠤ ᠤᠯᠢᠮᠫᠢᠺ᠎ᠲᠤ ᠪᠡᠯᠡᠳᠬᠡᠯ ᠬᠢᠵᠤ᠂ 《ᠲᠡᠮ ᠲᠡᠮ᠎ᠳᠡᠭᠡᠨ ᠲᠡᠬᠡᠰᠤ ᠡᠷᠴᠢᠮ᠎ᠳᠡᠭᠡᠨ》 ᠬᠡᠳᠡᠭ ᠵᠶ᠋ᠠᠷ ᠨᠠᠮ ᠵᠠᠰᠠᠭ᠎ᠠᠴᠠ ᠪᠡᠬᠡᠵᠢᠩ ᠤᠯᠢᠮᠫᠢᠺ᠎ᠢ ᠴᠢᠬᠤᠯᠠᠴᠢᠯᠠᠨ ᠬᠦᠨᠳᠦᠳᠬᠡᠵᠤ ᠦᠵᠡᠵᠤ᠂ ᠮᠠᠨ᠎ᠤ ᠦᠪᠡᠷᠳᠡᠬᠡᠨ ᠵᠠᠰᠠᠬᠤ ᠤᠷᠤᠨ᠎ᠤ ᠨᠠᠮ ᠵᠠᠰᠠᠭ᠎ᠠᠴᠠ ᠪᠠᠰᠠ ᠵᠠᠪᠠᠯ ᠮᠧᠳᠠᠯ ᠠᠪᠬᠤ ᠬᠡᠷᠡᠭᠳᠡᠢ ᠬᠡᠰᠡᠡ ᠡᠬᠦᠷᠬᠡ ᠲᠤᠰᠢᠶᠠᠵᠤ᠂ ᠮᠧᠳᠠᠯ ᠠᠪᠬᠤ ᠡᠬᠦᠷᠬᠡ᠎ᠪᠠᠨ ᠠᠯᠳᠠᠨ ᠮᠧᠳᠠᠯ ᠠᠪᠴᠤ ᠲᠠᠪᠠᠭᠤᠯᠤᠨ ᠪᠡᠶᠡᠯᠡᠬᠦᠯᠦᠭᠰᠡᠡ᠎ᠳᠡᠭᠡᠨ ᠪᠢ ᠪᠠᠰᠠ ᠮᠠᠰᠢ ᠤᠮᠤᠭᠰᠢᠵᠤ ᠪᠤᠢ᠂ 《ᠴᠢᠷᠮᠠᠶ᠋ᠢᠯᠳᠠ ᠬᠦᠮᠦᠨ᠎ᠢ ᠭᠤᠮᠤᠳᠠᠭ᠋ᠠᠬᠤ ᠦᠬᠡᠢ》 ᠬᠡᠳᠡᠭ ᠵᠶ᠋ᠠᠷ ᠶᠡᠷᠦᠨᠢ ᠦᠪᠡᠷ᠎ᠤᠨ ᠲᠤᠳᠤᠷ᠎ᠠ᠎ᠪᠠᠨ ᠪᠤᠳᠤᠯ᠎ᠲᠠᠢ ᠢᠮᠠᠭᠳᠠ ᠦᠪᠡᠷ᠎ᠤᠨ ᠪᠡᠶ᠎ᠠ᠎ᠪᠠᠨ ᠴᠢᠩᠭ᠎ᠠ ᠱᠠᠭ᠋ᠠᠷᠳᠠᠵᠤ ᠠᠵᠢᠯᠯᠠᠵᠤ ᠪᠠᠶ᠋ᠢᠪᠠᠯ ᠬᠡᠵᠢᠶ᠎ᠠ ᠴᠤ᠌ ᠬᠡᠰᠡᠡ ᠦᠪᠡᠷ᠎ᠤᠨ ᠬᠦᠰᠡᠯ ᠱᠠᠭ᠋ᠠᠷᠳᠠᠯᠭ᠎ᠠ᠎ᠳᠤ᠎ᠪᠠᠨ ᠬᠦᠷᠴᠤ ᠴᠢᠳᠠᠨ᠎ᠠ ᠬᠡᠵᠤ ᠴᠢᠯᠠᠭᠤ ᠤᠯᠢᠮᠫᠢᠺ᠎ᠤᠨ ᠲᠤᠬᠠᠢ ᠡᠳᠦᠢ ᠵᠢᠯ ᠲᠡᠮᠡᠴᠡᠵᠤ ᠶᠠᠪᠤᠭᠰᠠᠠ ᠤᠯᠤᠯᠳᠠ ᠲᠦᠷᠦᠭᠳᠡᠯ ᠵᠶ᠋ᠠᠨ ᠡᠶ᠋ᠢᠨᠬᠦ ᠶᠠᠷᠢᠭᠰᠠᠠ ᠪᠢᠯᠠ᠃

    ᠪᠡᠬᠡᠵᠢᠩ᠎ᠤᠨ ᠤᠯᠢᠮᠫᠢᠺ᠎ᠲᠤ ᠠᠮᠵᠢᠯᠳᠠ ᠭᠠᠷᠭ᠋ᠠᠨ᠎ᠠ ᠬᠡᠵᠤ ᠰᠢᠢ᠍ᠳᠮᠡᠭ ᠪᠤᠳᠤᠭᠰᠠᠠ ᠴᠢᠯᠠᠭᠤ ᠦᠪᠡᠷ᠎ᠤᠨ ᠪᠡᠶ᠎ᠠ᠎ᠪᠠᠨ á ´á  á ­ ᠢᠮᠠᠭᠳᠠ ᠰᠠᠨᠠᠭᠤᠯᠬᠤ ᠵᠢᠨ ᠲᠦᠯᠦᠬᠡ 2001 ᠤᠨ᠎ᠳᠤ ᠪᠡᠬᠡᠵᠢᠩ 2008 ᠤᠨ᠎ᠤ ᠤᠯᠢᠮᠫᠢᠺ᠎ᠤᠨ ᠲᠠᠮᠢᠷ᠎ᠤᠨ ᠴᠤᠭᠯᠠᠭ᠋ᠠᠨ᠎ᠢ ᠡᠷᠬᠢᠯᠡᠬᠦ ᠡᠷᠬᠡ ᠵᠢ ᠤᠯᠤᠭᠰᠠᠠ ᠴᠢᠮᠡᠭᠡ ᠵᠢ ᠤᠷᠤᠰ᠎ᠤᠨ ᠮᠤᠰᠺᠧᠨ᠎ᠳᠤ ᠲᠤᠩᠬᠠᠭᠯᠠᠬᠰᠠᠠ᠎ᠤ ᠲᠡᠷᠡ ᠲᠠᠷᠤᠢ᠎ᠳᠤ ᠲᠡᠷᠡ ᠨᠠᠶ᠋ᠢᠵᠢ   ᠨᠦᠬᠦᠳ ᠵᠶ᠋ᠠᠨ ᠡᠷᠢᠵᠤ ᠤᠳᠠᠰᠤᠨ᠎ᠤ ᠨᠤᠮᠧᠷ᠎ᠤᠨ ᠰᠡᠬᠦᠯᠴᠢ ᠵᠢᠨ ᠲᠦᠷᠪᠡᠨ ᠤᠷᠤᠨ᠎ᠨᠢ 2008 ᠬᠡᠬᠦ ᠨᠤᠮᠧᠷ᠎ᠢ ᠤᠯᠵᠤ ᠦᠪᠡᠷ᠎ᠤᠨ ᠵᠶ᠋ᠠᠨ ᠤᠳᠠᠰᠤᠨ᠎ᠤ ᠨᠤᠮᠧᠷ ᠵᠶ᠋ᠠᠨ ᠪᠤᠯᠭ᠋ᠠᠭᠰᠠᠠ ᠪᠠᠶ᠋ᠢᠨ᠎ᠠ᠃
    — ᠤᠳᠤ ᠴᠤ᠌ ᠬᠡᠰᠡᠡ ᠮᠠᠨ᠎ᠤ ᠰᠫᠤᠷᠲ᠎ᠤᠨ ᠤᠯᠠᠨ ᠬᠦᠮᠦᠰ 2008 ᠬᠡᠬᠦ ᠤᠳᠠᠰᠤᠨ᠎ᠤ ᠨᠤᠮᠧᠷ ᠴᠢᠨᠢ ᠴᠢᠮ᠎ᠠ᠎ᠳᠤ ᠠᠵᠠ ᠬᠡᠶ᠋ᠢᠮᠦᠷᠢ ᠠᠪᠴᠢᠷᠠᠭᠰᠠᠠ ᠪᠠᠶ᠋ᠢᠨ᠎ᠠ᠂ ᠲᠡᠷᠡ ᠵᠢᠯ á ´á ¢ ᠠᠯᠳᠠᠨ ᠮᠧᠳᠠᠯ ᠠᠪᠴᠤ á  á ·á  á ³ ᠲᠦᠮᠡᠨ ᠵᠶ᠋ᠠᠨ ᠪᠠᠶᠠᠰᠬᠠᠭᠰᠠᠠ ᠰᠢᠤ ᠬᠡᠵᠤ ᠶᠠᠷᠢᠳᠠᠭ á ¡ ᠬᠡᠵᠤ ᠴᠢᠯᠠᠭᠤ ᠡᠨᠡᠬᠦ ᠵᠢᠵᠢᠭ ᠦᠯᠢᠬᠡᠷ ᠵᠶ᠋ᠠᠨ ᠰᠤᠷᠪᠤᠯᠵᠢᠯᠠᠭᠴᠢ᠎ᠲᠠᠢ ᠬᠤᠪᠢᠶᠠᠯᠴᠠᠬᠤ᠎ᠳᠤ ᠮᠠᠰᠢ ᠪᠠᠶᠠᠷᠳᠠᠢ ᠪᠠᠶ᠋ᠢᠯ᠎ᠠ᠃
   ã€Šá ®á ¡á ·á ¬á ¡á µá ¢á ¯á Žá ¤á ¨ ᠪᠤᠤᠺᠰ᠎ᠤᠨ ᠲᠠᠪᠴᠠᠩ᠎ᠳᠤ ᠤᠷᠤᠭᠰᠠᠠ ᠦᠬᠡᠢ᠎ᠨᠢ ᠨᠠᠳᠠᠳᠤ ᠠᠪᠴᠤ ᠬᠡᠯᠡᠪᠠᠯ ᠬᠠᠷᠠᠮᠰᠠᠯᠳᠠᠢ ᠶᠠᠪᠤᠳᠠᠯ》

    ᠵᠠᠩ ᠰᠢᠶᠤᠤ ᠫᠢᠩ᠎ᠤᠨ ᠪᠤᠤᠺᠰ᠎ᠲᠠᠢ ᠬᠤᠪᠢ ᠪᠠᠷᠢᠯᠳᠤᠯᠭ᠎ᠠ᠎ᠲᠠᠢ ᠪᠤᠯᠤᠭᠰᠠᠠ᠎ᠨᠢ ᠲᠠᠰᠬᠠᠯᠵᠢᠭᠤᠯᠤᠭᠴᠢ ᠴᠢᠯᠠᠭᠤ ᠵᠢᠨ ᠵᠠᠮ ᠮᠦᠷ᠎ᠲᠠᠢ ᠮᠠᠰᠢ ᠲᠦᠰᠦᠬᠡᠳᠠᠢ᠃ ᠲᠤᠬᠠᠢ ᠵᠢᠨ ᠦᠶ᠎ᠠ᠎ᠳᠤ ᠦᠪᠦᠷ ᠮᠤᠩᠭᠤᠯ᠎ᠤᠨ ᠪᠦᠬᠡ ᠵᠢᠨ ᠠᠩᠬᠢ᠎ᠳᠤ ᠪᠠᠶ᠋ᠢᠬᠰᠠᠠ ᠵᠠᠩ ᠰᠢᠶᠤᠤ ᠫᠢᠩ ᠮᠦᠨ ᠲᠦᠷᠦᠯ ᠵᠦᠢ᠍ᠯ ᠠᠯᠤᠰᠯᠠᠵᠤ ᠪᠤᠤᠺᠰ ᠪᠤᠯᠪᠠᠰᠤᠷᠠᠵᠤ ᠡᠬᠢᠯᠡᠭᠰᠡᠡ ᠶᠤᠮ᠃
    — ᠲᠤᠮᠳᠠᠳᠤ ᠰᠤᠷᠭ᠋ᠠᠭᠤᠯᠢ ᠵᠢᠨ ᠦᠶ᠎ᠠ᠎ᠳᠤ ᠲᠧᠯᠸᠢᠰ ᠲᠡᠬᠡᠷ᠎ᠠ᠎ᠠᠴᠠ ᠪᠤᠤᠺᠰ᠎ᠤᠨ ᠠᠪᠤᠷᠭᠤᠴᠤᠳ᠎ᠤᠨ ᠲᠡᠮᠡᠴᠡᠬᠡᠨ᠎ᠤ ᠬᠢᠯᠡᠰ ᠬᠤᠷᠤᠮ᠎ᠤᠳ᠎ᠨᠢ ᠨᠠᠳᠠᠳᠤ ᠮᠠᠰᠢ ᠬᠦᠨ ᠲᠦᠷᠦᠭᠳᠡᠯ ᠦᠭᠬᠦᠭᠰᠡᠡ᠎ᠠᠴᠠ ᠲᠤᠬᠠᠢ ᠵᠢᠨ ᠦᠶ᠎ᠠ᠎ᠳᠤ ᠪᠤᠤᠺᠰ᠎ᠢ ᠲᠦᠢ᠍ᠯ ᠵᠶ᠋ᠠᠷ ᠰᠤᠨᠢᠷᠬᠠᠵᠤ ᠡᠷᠬᠡ ᠦᠬᠡᠢ ᠲᠠᠳᠠᠭᠳᠠᠵᠤ ᠪᠠᠶ᠋ᠢᠭᠰᠠᠠ᠂ ᠬᠡᠪᠠᠴᠤ ᠲᠤᠬᠠᠢ ᠵᠢᠨ ᠦᠶ᠎ᠠ᠎ᠳᠤ ᠮᠠᠨ᠎ᠤ ᠦᠪᠡᠷᠳᠡᠬᠡᠨ ᠵᠠᠰᠠᠬᠤ ᠤᠷᠤᠨ᠎ᠤ ᠲᠠᠮᠢᠷ᠎ᠤᠨ ᠠᠩᠬᠢ᠎ᠳᠤ ᠪᠠᠰᠠ ᠪᠤᠤᠺᠰ᠎ᠤᠨ ᠠᠩᠬᠢ ᠪᠠᠶ᠋ᠢᠨ᠎ᠠ ᠬᠡᠳᠡᠭ᠎ᠢ ᠮᠡᠳᠡᠬᠦ ᠦᠬᠡᠢ ᠪᠤᠯᠬᠤᠷ ᠪᠦᠬᠡ ᠵᠢᠨ ᠠᠩᠬᠢ᠎ᠳᠤ ᠨᠡᠷ᠎ᠠ ᠮᠡᠳᠡᠬᠦᠯᠵᠤ ᠤᠴᠢᠬᠰᠠᠠ ᠶᠤᠮ᠃ ᠬᠦᠷᠴᠤ ᠤᠴᠢᠬᠰᠠᠠ᠎ᠤ ᠰᠡᠬᠦᠯᠡᠷ᠎ᠨᠢ ᠰᠠᠢ᠍ᠢ ᠪᠤᠤᠺᠰ᠎ᠤᠨ ᠠᠩᠬᠢ ᠪᠠᠶ᠋ᠢᠬᠤ ᠵᠢ ᠮᠡᠳᠡᠭᠰᠡᠡ ᠲᠤᠯᠠ ᠬᠡᠳᠦ᠋ᠢ᠍ᠪᠠᠷ ᠪᠦᠬᠡ ᠵᠢᠨ ᠠᠩᠬᠢ᠎ᠳᠤ ᠤᠷᠤᠭᠰᠠᠠ ᠪᠤᠯᠪᠠᠴᠤ ᠪᠤᠤᠺᠰ᠎ᠤᠨ ᠲᠠᠯᠠᠪᠠᠢ᠎ᠳᠤ ᠪᠤᠯᠪᠠᠰᠤᠷᠠᠵᠤ ᠪᠠᠶ᠋ᠢᠭ᠎ᠠ ᠲᠠᠮᠢᠷᠴᠢᠳ᠎ᠢ ᠬᠠᠮᠤᠭ᠎ᠠᠴᠠ ᠢᠯᠡᠬᠦᠤ ᠠᠩᠬᠠᠷᠴᠤ᠂ ᠪᠤᠤᠺᠰ᠎ᠤᠨ ᠲᠠᠪᠴᠠᠩ ᠨᠠᠮ᠎ᠠ᠎ᠪᠠᠨ ᠲᠠᠳᠠᠵᠤ ᠪᠠᠶ᠋ᠢᠭᠰᠠᠠ ᠲᠤᠯᠠ ᠡᠴᠦᠰ᠎ᠲᠡᠭᠡᠨ ᠪᠢ ᠬᠠᠰᠢᠯᠠ ᠪᠤᠤᠺᠰ᠎ᠤᠨ ᠠᠩᠬᠢ᠎ᠳᠤ ᠰᠢᠯᠵᠢᠵᠤ ᠴᠢᠳᠠᠭᠰᠠᠠ ᠶᠤᠮ ᠬᠡᠵᠤ ᠲᠡᠷᠡ ᠶᠠᠷᠢᠵᠤ ᠪᠠᠶ᠋ᠢᠯ᠎ᠠ᠃ ᠪᠡᠭᠡᠵᠢᠩ᠎ᠤᠨ ᠤᠯᠢᠮᠫᠢᠺ᠎ᠠᠴᠠ ᠡᠮᠦᠨ᠎ᠠ᠂ ᠬᠡᠳᠦ᠋ᠢ᠍ᠪᠠᠷ ᠡᠯ᠎ᠠ ᠲᠠᠯ᠎ᠠ ᠵᠢᠨ ᠪᠠᠳᠤᠯᠠᠭ᠎ᠠ ᠵᠢᠨ ᠠᠵᠢᠯ ᠴᠦᠮ ᠮᠠᠰᠢ ᠪᠦᠷᠢᠨ ᠲᠦᠬᠦᠷ ᠪᠠᠶ᠋ᠢᠭᠰᠠᠠ ᠬᠡᠬᠦ᠎ᠳᠤ ᠵᠠᠩ ᠰᠢᠶᠤᠤ ᠫᠢᠩ᠎ᠤᠨ ᠦᠪᠡᠷ᠎ᠤᠨ ᠬᠢᠨᠢ ᠤᠷᠤᠯᠳᠤᠭ᠋ᠠᠨ᠎ᠤ ᠪᠠᠶ᠋ᠢᠳᠠᠯ ᠦᠨᠡᠨ᠎ᠳᠡᠭᠡᠨ ᠬᠠᠮᠤᠭ ᠤᠷᠬᠢᠯ᠎ᠤᠨ ᠦᠶ᠎ᠠ ᠪᠢᠰᠢ ᠬᠡᠳᠡᠭ ᠵᠶ᠋ᠠᠨ ᠲᠡᠷᠡ ᠦᠪᠡᠷ ᠵᠶ᠋ᠠᠨ ᠮᠠᠰᠢ ᠲᠤᠳᠤᠷᠬᠠᠢ ᠮᠡᠳᠡᠨ᠎ᠠ᠃    

    — ᠤᠯᠢᠮᠫᠢᠺ᠎ᠠᠴᠠ ᠡᠮᠦᠨ᠎ᠠ ᠨᠠᠳᠠᠳᠤ ᠨᠡᠯᠢᠶᠡᠳ ᠤᠯᠠᠨ ᠬᠦᠴᠢᠷ ᠲᠦᠪᠡᠭ ᠲᠤᠯᠭ᠋ᠠᠷᠠᠵᠤ ᠪᠠᠶ᠋ᠢᠭᠰᠠᠠ á ¡á ‚ 2007 ᠤᠨ᠎ᠤ ᠲᠡᠯᠡᠬᠡᠢ ᠵᠢᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠢᠯᠠᠭᠳᠠᠭ᠋ᠠᠳ ᠪᠤᠴᠠᠵᠤ ᠢᠷᠡᠭᠰᠡᠡ᠎ᠤ ᠰᠡᠬᠦᠯᠡᠷ᠂ ᠨᠢᠬᠡ ᠬᠤᠭᠤᠴᠠᠭ᠎ᠠ ᠵᠠᠷᠤᠴᠠᠭᠤᠯᠤᠨ ᠲᠤᠬᠢᠷᠠᠭᠤᠯᠤᠯᠳᠠ ᠬᠢᠵᠤ᠂ ᠤᠯᠢᠮᠫᠢᠺ᠎ᠤᠨ ᠤᠷᠤᠯᠳᠤᠭ᠋ᠠᠨ᠎ᠳᠤ ᠤᠷᠤᠬᠤ᠎ᠠᠴᠠ ᠡᠮᠦᠨ᠎ᠠ ᠦᠪᠡᠷ᠎ᠤᠨ ᠬᠠᠭᠤᠴᠢᠨ ᠰᠢᠷᠬ᠎ᠠ ᠪᠠᠰᠠ ᠲᠠᠬᠢᠨ ᠬᠦᠳᠡᠯᠵᠤ᠂ ᠰᠡᠳᠬᠢᠴᠠ ᠵᠢᠨ ᠲᠠᠯ᠎ᠠ᠎ᠳᠤ ᠨᠡᠯᠢᠶᠡᠳ ᠲᠠᠷᠤᠭ᠋ᠠᠰᠤ ᠪᠤᠯᠵᠤ ᠪᠠᠶ᠋ᠢᠭᠰᠠᠠ ᠶᠤᠮ᠃ — ᠡᠶ᠋ᠢᠮᠦᠷᠬᠦ ᠪᠠᠶ᠋ᠢᠳᠠᠯ ᠲᠤᠤᠷ᠎ᠠ ᠠᠯᠢᠪᠠ ᠬᠦᠴᠢᠷᠳᠡᠯ᠎ᠢ ᠢᠯᠠᠨ ᠡᠴᠦᠰ᠎ᠲᠡᠭᠡᠨ ᠠᠯᠳᠠᠨ ᠮᠧᠳᠠᠯ ᠤᠯᠤᠨ᠎ᠠ ᠬᠡᠳᠡᠭ᠎ᠢ ᠦᠨᠡᠨ ᠢᠳᠡᠬᠡᠵᠤ ᠶᠠᠳᠠᠮᠠᠷ᠂ ᠰᠢᠢ᠍ᠳᠪᠤᠷᠢᠳᠤ ᠤᠷᠤᠯᠳᠤᠭ᠋ᠠᠨ᠎ᠳᠤ ᠡᠰᠡᠷᠬᠦ ᠡᠳᠡᠬᠡᠳ ᠵᠶ᠋ᠠᠨ ᠢᠯᠠᠵᠤ ᠠᠯᠳᠠᠨ ᠮᠧᠳᠠᠯ ᠤᠯᠤᠭᠰᠠᠠ ᠲᠡᠷᠡ ᠦᠶ᠎ᠠ᠎ᠳᠤ ᠲᠤᠳᠤᠷ᠎ᠠ ᠲᠦᠢ᠍ᠯ᠎ᠤᠨ ᠨᠠᠮ ᠲᠦᠯᠬᠡᠨ ᠪᠠᠶ᠋ᠢᠭᠰᠠᠠ ᠶᠤᠮ᠂ ᠨᠢᠬᠡ ᠭᠠᠷᠠᠭ᠎ᠤᠨ ᠬᠢᠨᠢ ᠲᠠᠷᠠᠭ᠎ᠠ á °á  á ¶á ¢ ᠤᠯᠢᠮᠫᠢᠺ᠎ᠤᠨ ᠠᠯᠳᠠᠨ ᠮᠧᠳᠠᠯ ᠤᠯᠤᠭᠰᠠᠠ ᠮᠢᠨᠢ ᠦᠨᠡᠨ ᠪᠤᠳᠠᠳᠠᠢ ᠤᠴᠢᠷ ᠬᠡᠳᠡᠭ ᠵᠶ᠋ᠠᠨ ᠰᠡᠬᠡᠵᠤ ᠮᠡᠳᠡᠪᠠ᠂ ᠬᠡᠳᠦ᠋ᠢ᠍ᠪᠠᠷ ᠪᠡᠯᠡᠳᠬᠡᠯ ᠪᠤᠯᠪᠠᠰᠤᠷᠠᠯ ᠵᠶ᠋ᠠᠨ ᠰᠠᠶ᠋ᠢᠳᠤᠷ ᠬᠢᠭᠰᠡᠡ ᠬᠡᠬᠦ᠎ᠳᠤ ᠢᠯᠠᠯᠳᠠ ᠪᠤᠯᠤᠨ ᠪᠠᠶᠠᠷ ᠪᠠᠶᠠᠰᠤᠯ ᠢᠷᠡᠭᠰᠡᠡ᠎ᠨᠢ ᠮᠦᠨ ᠯᠠ ᠬᠡᠳᠦ ᠬᠡᠨᠡᠳᠳᠠ ᠰᠠᠨᠠᠭᠳᠠᠭᠰᠠᠠ᠎ᠠᠴᠠ ᠦᠪᠡᠷ ᠵᠶ᠋ᠠᠨ ᠬᠦᠷᠳᠡᠯ᠎ᠠ ᠡᠨᠡ᠎ᠨᠢ ᠦᠨᠡᠨ ᠬᠡᠳᠡᠭ᠎ᠢ ᠢᠳᠡᠬᠡᠵᠤ ᠶᠠᠳᠠᠮᠠᠷ ᠪᠠᠶ᠋ᠢᠭᠰᠠᠠ ᠶᠤᠮ᠃ ᠦᠪᠡᠷᠳᠡᠬᠡᠨ ᠵᠠᠰᠠᠬᠤ ᠤᠷᠤᠨ᠎ᠤ ᠨᠠᠮ ᠵᠠᠰᠠᠭ᠎ᠤᠨ ᠪᠤᠤᠺᠰ᠎ᠤᠨ ᠠᠩᠬᠢ᠎ᠳᠠᠬᠢ ᠲᠡᠮᠵᠢᠯᠬᠡ᠎ᠳᠤ ᠲᠠᠬᠢᠨᠳᠠ ᠲᠠᠯᠠᠷᠬᠠᠵᠤ ᠪᠠᠶ᠋ᠢᠨ᠎ᠠ᠃
    ᠪᠡᠬᠡᠵᠢᠩ᠎ᠤᠨ ᠤᠯᠢᠮᠫᠢᠺ᠎ᠤᠨ ᠲᠠᠷᠠᠭ᠎ᠠ ᠵᠠᠩ ᠰᠢᠶᠤᠤ ᠫᠢᠩ᠎ᠤᠨ ᠲᠤᠬᠠᠢ ᠰᠤᠷᠠᠭ ᠴᠢᠮᠡᠭᠡ ᠠᠭ᠋ᠠᠵᠢᠮ᠎ᠳᠠᠭᠠᠨ ᠲᠠᠰᠤᠷᠠᠵᠤ᠂ 《ᠰᠢᠯᠢᠩᠬᠤᠳᠠ᠎ᠳᠤ ᠦᠪᠡᠷ᠎ᠤᠨ ᠠᠳᠠᠯ ᠦᠢ᠍ᠯᠡᠰ ᠬᠡᠳ ᠶᠠᠭ᠋ᠠᠷᠠᠵᠤ ᠶᠠᠪᠤᠨ᠎ᠠ》 ᠬᠡᠬᠦ ᠴᠢᠮᠡᠭᠡ ᠵᠢ ᠬᠡᠨ ᠨᠢᠬᠡᠨ᠎ᠠᠴᠠ᠎ᠪᠠᠨ ᠲᠤᠭᠤᠯᠵᠤ ᠪᠠᠶ᠋ᠢᠯ᠎ᠠ᠃ ᠤᠯᠢᠮᠫᠢᠺ᠎ᠤᠨ ᠲᠠᠷᠠᠭ᠋ᠠᠬᠢ ᠠᠷᠪᠠᠨ ᠵᠢᠯ᠎ᠤᠨ ᠠᠳᠠᠯ ᠠᠮᠢᠳᠤᠷᠠᠯ᠎ᠤᠨ ᠲᠤᠬᠠᠢ ᠲᠡᠷᠡ᠄
    — ᠪᠤᠤᠺᠰ᠎ᠤᠨ ᠲᠠᠪᠴᠠᠩ᠎ᠠᠴᠠ ᠠᠶᠠᠷᠯᠠᠭᠰᠠᠠ᠎ᠤ ᠰᠡᠬᠦᠯᠡᠷ ᠪᠢ ᠪᠡᠬᠡᠵᠢᠩ᠎ᠤᠨ á ¶á ¡á ­á ¡ ᠰᠤᠷᠭ᠋ᠠᠭᠤᠯᠢ᠎ᠳᠤ ᠰᠤᠷᠤᠯᠴᠠᠵᠤ ᠦᠪᠡᠷ᠎ᠢ᠎ᠪᠠᠨ ᠴᠡᠨᠡᠭᠯᠡᠵᠤ ᠲᠠᠷᠠᠭ᠋ᠠᠴᠢ ᠵᠢᠨ ᠠᠯᠬᠤᠮ᠎ᠤᠨ ᠲᠠᠮᠢᠷ᠎ᠤᠨ ᠠᠵᠢᠯ᠎ᠳᠠᠭᠠᠨ ᠨᠠᠩ ᠰᠢᠰᠲ᠋ᠧᠮᠵᠢᠯᠡᠭᠰᠡᠡ᠂ ᠮᠡᠷᠬᠡᠵᠢᠯ᠎ᠤᠨ ᠰᠠᠭᠤᠷᠢ ᠲᠠᠯᠪᠢᠭᠰᠠᠠ ᠶᠤᠮ᠃ ᠤᠳᠤᠬᠠᠨ᠎ᠳᠤ ᠲᠤᠮᠳᠠᠳᠤ ᠤᠯᠤᠰ᠎ᠤᠨ ᠪᠤᠤᠺᠰ᠎ᠤᠨ ᠨᠡᠶ᠋ᠢᠬᠡᠮᠯᠢᠭ᠎ᠤᠨ ᠮᠡᠷᠬᠡᠵᠢᠯ᠎ᠤᠨ ᠪᠤᠤᠺᠰ᠎ᠢ ᠠᠬᠢᠭᠤᠯᠬᠤ ᠬᠡᠯᠳᠡᠰ᠎ᠤᠨ ᠲᠠᠷᠤᠭ᠎ᠠ ᠵᠢᠨ ᠠᠵᠢᠯ᠎ᠳᠤ ᠭᠠᠷᠴᠤ᠂ ᠮᠦᠨ ᠮᠡᠷᠬᠡᠵᠢᠯ᠎ᠤᠨ ᠪᠤᠤᠺᠰ᠎ᠤᠨ ᠤᠷᠤᠯᠳᠤᠭ᠋ᠠᠨ᠎ᠢ ᠲᠡᠯᠬᠡᠷᠡᠬᠦᠯᠬᠦ ᠺᠤᠮᠫᠠᠨᠢ᠂ 《ᠰᠢᠶᠤᠤ ᠫᠢᠩ ᠪᠡᠶ᠎ᠠ ᠵᠢᠨ ᠲᠠᠮᠢᠷ》᠎ᠢ ᠡᠷᠬᠢᠯᠡᠡ ᠬᠢᠵᠤ ᠪᠤᠢ ᠬᠡᠵᠤ ᠲᠦᠬᠦᠮᠬᠡᠨ ᠬᠠᠷᠢᠭᠤᠯᠤᠯ᠎ᠠ᠃
    ᠪᠡᠬᠡᠵᠢᠩ᠎ᠤᠨ ᠤᠯᠢᠮᠫᠢᠺ᠎ᠤᠨ ᠡᠷᠡᠭᠳᠡᠢ ᠵᠢᠨ ᠪᠤᠤᠺᠰ᠎ᠤᠨ ᠤᠷᠤᠯᠳᠤᠭ᠋ᠠᠨ᠎ᠳᠤ ᠵᠠᠩ ᠰᠢᠶᠤᠤ ᠫᠢᠩ᠎ᠠᠴᠠ ᠭᠠᠳᠠᠨ᠎ᠠ ᠽᠸᠤ ᠱ᠌ᠢ ᠮᠢᠩ ᠪᠠᠰᠠ ᠨᠢᠬᠡ ᠠᠯᠳᠠᠨ ᠮᠧᠳᠠᠯ ᠤᠯᠵᠤ᠂ ᠬᠡᠳᠦᠨ ᠵᠢᠯ᠎ᠤᠨ ᠲᠠᠷᠠᠭ᠎ᠠ ᠲᠡᠷᠡ ᠮᠡᠷᠬᠡᠵᠢᠯ᠎ᠤᠨ ᠪᠤᠤᠺᠰ᠎ᠤᠨ ᠲᠠᠪᠴᠠᠩ᠎ᠳᠤ ᠰᠢᠯᠵᠢᠵᠤ ᠦᠪᠡᠷ᠎ᠤᠨ ᠬᠦᠰᠡᠯ ᠬᠠᠷᠠᠯᠳᠠ ᠵᠢᠨ ᠵᠶ᠋ᠠᠨ ᠲᠦᠯᠦᠬᠡ ᠡᠳᠦᠬᠡ ᠬᠦᠷᠳᠡᠯ᠎ᠠ᠎ᠪᠠᠨ ᠲᠡᠮᠡᠴᠡᠵᠤ ᠶᠠᠪᠤᠭᠰᠠᠭ᠋ᠠᠷ᠃ ᠪᠤᠤᠺᠰᠴᠢᠨ ᠪᠤᠯᠭ᠋ᠠᠨ᠎ᠳᠤ ᠴᠦᠮ ᠮᠡᠷᠬᠡᠵᠢᠯ᠎ᠤᠨ ᠪᠤᠤᠺᠰ᠎ᠤᠨ ᠲᠠᠪᠴᠠᠩ᠎ᠳᠤ ᠭᠠᠷᠬᠤ ᠬᠦᠰᠡᠯ ᠪᠤᠢ᠂ ᠬᠡᠬᠦ᠎ᠳᠤ ᠰᠢᠨ᠎ᠠ ᠬᠠᠭᠤᠴᠢᠨ ᠰᠢᠷᠬ᠎ᠠ ᠪᠡᠶ᠎ᠠ ᠵᠢ ᠤᠷᠢᠶᠠᠭᠰᠠᠠ ᠵᠠᠩ ᠰᠢᠶᠤᠤ ᠫᠢᠩ᠎ᠳᠤ ᠰᠠᠨᠠᠭ᠎ᠠ᠎ᠨᠢ ᠪᠠᠶ᠋ᠢᠪᠠᠴᠤ ᠤᠨᠤᠭ᠎ᠠ᠎ᠨᠢ ᠬᠦᠷᠬᠦ ᠦᠬᠡᠢ᠃
    — ᠮᠡᠷᠬᠡᠵᠢᠯ᠎ᠤᠨ ᠪᠤᠤᠺᠰ᠎ᠤᠨ ᠲᠠᠪᠴᠠᠩ᠎ᠳᠤ ᠤᠷᠤᠭᠰᠠᠠ ᠦᠬᠡᠢ᠎ᠨᠢ ᠨᠠᠳᠠᠳᠤ ᠠᠪᠴᠤ ᠬᠡᠯᠡᠪᠠᠯ ᠬᠠᠷᠠᠮᠰᠠᠯᠳᠠᠢ ᠶᠠᠪᠤᠳᠠᠯ᠂ ᠬᠡᠬᠦ᠎ᠳᠤ ᠪᠡᠶ᠎ᠠ ᠲᠡᠬᠡᠷᠡᠬᠢ ᠰᠢᠨ᠎ᠠ ᠬᠠᠭᠤᠴᠢᠨ ᠰᠢᠷᠬ᠎ᠠ᠎ᠨᠢ ᠮᠢᠨᠤ ᠪᠤᠯᠪᠠᠰᠤᠷᠠᠯ ᠪᠤᠯᠤᠨ ᠤᠷᠤᠯᠳᠤᠭ᠋ᠠᠨ᠎ᠢ ᠨᠠᠩ ᠰᠠᠶ᠋ᠢᠳᠤᠷ ᠪᠡᠶᠡᠯᠡᠬᠦᠯᠬᠦ ᠵᠢ ᠵᠦᠪᠰᠢᠶᠡᠷᠡᠬᠦ ᠦᠬᠡᠢ ᠪᠤᠯᠤᠭᠰᠠᠠ ᠲᠤᠯᠠ á  á ·á ­á Žá   ᠪᠤᠰᠤ ᠪᠤᠤᠺᠰ᠎ᠤᠨ ᠲᠠᠪᠴᠠᠩ᠎ᠠᠴᠠ ᠠᠶᠠᠷᠯᠠᠬᠤ ᠰᠤᠩᠭᠤᠯᠳᠠ ᠬᠢᠭᠰᠡᠡ ᠶᠤᠮ᠃
    ᠬᠡᠳᠦ᠋ᠢ᠍ᠪᠠᠷ ᠮᠡᠷᠬᠡᠵᠢᠯ᠎ᠤᠨ ᠪᠤᠤᠺᠰᠴᠢᠨ ᠪᠤᠯᠵᠤ ᠴᠢᠳᠠᠭ᠎ᠠ ᠦᠬᠡᠢ ᠪᠤᠯᠪᠠᠴᠤ ᠤᠳᠤᠬᠠᠨ᠎ᠳᠤ ᠲᠤᠮᠳᠠᠳᠤ ᠤᠯᠤᠰ᠎ᠤᠨ ᠪᠤᠤᠺᠰ᠎ᠤᠨ   ᠨᠡᠶ᠋ᠢᠬᠡᠮᠯᠢᠭ᠎ᠤᠨ ᠮᠡᠷᠬᠡᠵᠢᠯ᠎ᠤᠨ ᠪᠤᠤᠺᠰ᠎ᠢ ᠠᠬᠢᠭᠤᠯᠬᠤ ᠬᠡᠯᠳᠡᠰ᠎ᠤᠨ ᠲᠠᠷᠤᠭ᠎ᠠ ᠵᠢᠨ ᠠᠵᠢᠯ᠎ᠳᠤ ᠭᠠᠷᠤᠭᠰᠠᠠ᠎ᠨᠢ ᠮᠢᠨᠤ ᠮᠡᠷᠬᠡᠵᠢᠯ᠎ᠤᠨ ᠪᠤᠤᠺᠰ᠎ᠤᠨ ᠬᠦᠰᠡᠯ᠎ᠢ ᠲᠡᠷᠬᠡᠯᠰᠢᠬᠦᠯᠦᠯ᠎ᠠ ᠬᠡᠵᠤ ᠦᠵᠡᠵᠤ ᠪᠠᠶ᠋ᠢᠨ᠎ᠠ᠃ ᠵᠠᠩ ᠰᠢᠶᠤᠤ ᠫᠢᠩ ᠬᠡᠳᠦ᠋ᠢ᠍ᠪᠠᠷ ᠪᠤᠤᠺᠰ᠎ᠤᠨ ᠲᠠᠪᠴᠠᠩ᠎ᠠᠴᠠ ᠡᠷᠳᠡ ᠠᠶᠠᠷᠯᠠᠭᠰᠠᠠ ᠪᠤᠯᠪᠠᠴᠤ ᠲᠡᠷᠡ ᠪᠤᠤᠺᠰ᠎ᠤᠨ ᠲᠦᠷᠦᠯ ᠵᠦᠢ᠍ᠯ᠎ᠳᠤ ᠬᠡᠮᠵᠢᠶᠡᠯᠡᠰᠢ ᠦᠬᠡᠢ ᠬᠠᠶ᠋ᠢᠷ᠎ᠠ᠎ᠲᠠᠢ᠂ á ´á  á ­ ᠢᠮᠠᠭᠳᠠ ᠠᠩᠬᠠᠷᠤᠨ ᠬᠠᠯᠠᠮᠵᠢᠯᠠᠵᠤ᠂ ᠡᠳᠦᠬᠡ ᠬᠦᠷᠳᠡᠯ᠎ᠠ ᠪᠤᠤᠺᠰ᠎ᠤᠨ ᠲᠦᠷᠦᠯ ᠵᠦᠢ᠍ᠯ᠎ᠤᠨ ᠬᠦᠭᠵᠢᠯᠳᠠ ᠵᠢᠨ ᠲᠦᠯᠦᠬᠡ ᠬᠦᠴᠦ ᠨᠡᠮᠡᠷᠢ᠎ᠪᠠᠨ ᠦᠵᠡᠬᠦᠯᠦᠭᠰᠡᠬᠡᠷ᠃ 2016 ᠤᠨ᠎ᠤ 1 á °á  á ·á Žá   ᠵᠢᠨ 23á Žá ¤ ᠡᠳᠦᠷ᠂ ᠲᠡᠷᠡ ᠪᠠᠰᠠ ᠦᠪᠡᠷ ᠵᠶ᠋ᠠᠨ ᠪᠤᠤᠺᠰ᠎ᠤᠨ ᠺᠯᠦ᠋ᠪ ᠪᠠᠶ᠋ᠢᠭᠤᠯᠵᠤ᠂ ᠦᠪᠦᠷ ᠮᠤᠩᠭᠤᠯ᠎ᠤᠨ ᠪᠡᠶ᠎ᠠ ᠵᠢᠨ ᠲᠠᠮᠢᠷ᠎ᠤᠨ ᠦᠢ᠍ᠯᠡᠰ ᠪᠤᠯᠤᠨ ᠪᠤᠤᠺᠰ᠎ᠤᠨ ᠦᠢ᠍ᠯᠡᠰ᠎ᠲᠤ ᠰᠢᠯᠢᠳᠡᠭ ᠲᠠᠮᠢᠷᠴᠢᠨ᠎ᠢ ᠬᠦᠮᠦᠵᠢᠬᠦᠯᠬᠦ᠎ᠪᠠᠷ ᠵᠢᠳᠬᠦᠵᠤ ᠶᠠᠪᠤᠨ᠎ᠠ᠃
    — ᠪᠤᠤᠺᠰ᠎ᠨᠢ ᠬᠦᠴᠦ ᠴᠢᠳᠠᠯ ᠪᠤᠯᠤᠨ á ¡á ·á ´á ¢ ᠵᠤᠷᠢᠬ᠎ᠤᠨ ᠲᠡᠮᠡᠴᠡᠬᠡᠨ ᠪᠤᠯᠬᠤ᠎ᠪᠠᠷ ᠪᠠᠷᠠᠬᠤ ᠦᠬᠡᠢ ᠲᠡᠷᠡ ᠮᠦᠨ ᠴᠤ᠌ ᠤᠶᠤᠨ ᠤᠬᠠᠭ᠋ᠠᠨ᠎ᠤ ᠦᠷᠢᠰᠦᠯᠳᠦᠬᠡᠨ ᠪᠤᠯᠤᠨ᠎ᠠ᠃ ᠪᠤᠤᠺᠰ᠎ᠨᠢ ᠨᠠᠳᠠᠳᠤ ᠠᠪᠴᠤ ᠬᠡᠯᠡᠪᠠᠯ ᠨᠢᠬᠡ ᠵᠦᠢ᠍ᠯ᠎ᠤᠨ ᠠᠮᠢᠳᠤᠷᠠᠯ᠎ᠤᠨ ᠵᠤᠷᠢᠬ ᠰᠠᠨᠠᠭ᠎ᠠ ᠪᠤᠯᠬᠤ ᠶᠤᠮ᠃ ᠨᠢᠬᠡᠨ ᠪᠤᠤᠺᠰᠴᠢᠨ ᠪᠤᠯᠤᠭᠰᠠᠠ ᠬᠤᠪᠢ᠎ᠳᠤ ᠪᠤᠤᠺᠰ᠎ᠤᠨ ᠰᠫᠤᠷᠲ᠎ᠢ ᠲᠡᠯᠬᠡᠷᠡᠬᠦᠯᠬᠦ᠎ᠨᠢ ᠪᠢᠳᠠᠨ᠎ᠤ ᠡᠬᠦᠷᠬᠡ ᠬᠠᠷᠢᠭᠤᠴᠠᠯᠭ᠎ᠠ ᠮᠦᠨ ᠬᠡᠵᠤ ᠪᠢ ᠦᠵᠡᠳᠡᠭ᠃

    ᠠᠷᠪᠠᠨ ᠵᠢᠯ᠎ᠤᠨ ᠠᠮᠵᠢᠯᠳᠠ ᠪᠦᠳᠦᠮᠵᠢ᠄
    1998 ᠦᠪᠦᠷ ᠮᠤᠩᠭᠤᠯ᠎ᠤᠨ ᠪᠤᠤᠺᠰ᠎ᠤᠨ ᠠᠩᠬᠢ᠎ᠳᠤ ᠡᠯᠰᠡᠭᠳᠡᠵᠤ᠂ ᠴᠢᠯᠠᠭᠤ ᠪᠠᠭᠰᠢ᠎ᠠᠴᠠ ᠪᠤᠤᠺᠰ᠎ᠤᠨ ᠮᠡᠷᠬᠡᠵᠢᠯ᠎ᠢ ᠰᠤᠷᠤᠯᠴᠠᠵᠤ ᠡᠬᠢᠯᠡᠪᠠ
    2002 ᠪᠦᠬᠦ ᠤᠯᠤᠰ᠎ᠤᠨ ᠪᠤᠤᠺᠰ᠎ᠤᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠲᠡᠳ᠋ᠯᠡᠪᠠ
    2003 ᠪᠦᠬᠦ ᠤᠯᠤᠰ᠎ᠤᠨ ᠪᠤᠤᠺᠰ᠎ᠤᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ ᠵᠢᠴᠢ ᠤᠯᠢᠮᠫᠢᠺ᠎ᠤᠨ ᠡᠷᠬᠡ ᠵᠢ ᠲᠡᠮᠡᠴᠡᠬᠦ ᠤᠷᠤᠯᠳᠤᠭ᠋ᠠᠨ᠎ᠳᠤ ᠲᠡᠳ᠋ᠯᠡᠪᠠ
    2004 ᠪᠦᠬᠦ ᠤᠯᠤᠰ᠎ᠤᠨ ᠠᠪᠤᠷᠭᠤᠴᠤᠳ᠎ᠤᠨ ᠤᠷᠤᠯᠳᠤᠭ᠋ᠠᠨ᠎ᠳᠤ ᠮᠠᠩᠯᠠᠶ᠋ᠢᠯᠠᠪᠠ
    2004 ᠤᠯᠤᠰ᠎ᠤᠨ ᠪᠤᠤᠺᠰ᠎ᠤᠨ ᠠᠩᠬᠢ᠎ᠳᠤ ᠡᠯᠰᠡᠭᠳᠡᠪᠠ
    2005 ᠠᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠲᠠᠮᠢᠷ᠎ᠤᠨ ᠴᠤᠭᠯᠠᠭ᠋ᠠᠨ᠎ᠳᠤ ᠬᠦᠷᠡᠯ ᠮᠧᠳᠠᠯ ᠤᠯᠪᠠ
    2006 ᠪᠦᠬᠦ ᠤᠯᠤᠰ᠎ᠤᠨ ᠠᠪᠤᠷᠭᠤᠴᠤᠳ᠎ᠤᠨ ᠤᠷᠤᠯᠳᠤᠭ᠋ᠠᠨ᠎ᠳᠤ ᠲᠡᠳ᠋ᠯᠡᠪᠠ
    2007 ᠬᠤᠷᠢᠨ ᠲᠦᠷᠪᠡᠳᠦᠬᠡᠷ ᠬᠤᠭᠤᠴᠠᠭ᠋ᠠᠨ᠎ᠤ ᠠᠽᠢᠶ᠎ᠠ ᠵᠢᠨ ᠪᠤᠤᠺᠰ᠎ᠤᠨ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠡᠷᠡᠭᠳᠡᠢ ᠵᠢᠨ 81 ᠺᠢᠯᠦᠭᠷᠠᠮ᠎ᠤᠨ ᠲᠡᠰ᠎ᠲᠤ ᠮᠦᠩᠬᠦᠨ ᠮᠧᠳᠠᠯ ᠤᠯᠪᠠ
    2008 ᠪᠡᠬᠡᠵᠢᠩ᠎ᠤᠨ ᠤᠯᠢᠮᠫᠢᠺ᠎ᠤᠨ ᠲᠠᠮᠢᠷ᠎ᠤᠨ ᠴᠤᠭᠯᠠᠭ᠋ᠠᠨ᠎ᠤ ᠡᠷᠡᠭᠳᠡᠢ ᠵᠢᠨ ᠪᠤᠤᠺᠰ᠎ᠤᠨ 81 ᠺᠢᠯᠦᠭᠷᠠᠮ᠎ᠤᠨ ᠲᠡᠰ᠎ᠲᠤ ᠠᠯᠳᠠᠨ ᠮᠧᠳᠠᠯ ᠤᠯᠪᠠ
    2009 ᠠᠷᠪᠠᠨ ᠨᠢᠬᠡᠳᠦᠬᠡᠷ ᠬᠤᠭᠤᠴᠠᠭ᠋ᠠᠨ᠎ᠤ ᠪᠦᠬᠦ ᠤᠯᠤᠰ᠎ᠤᠨ ᠲᠠᠮᠢᠷ᠎ᠤᠨ ᠴᠤᠭᠯᠠᠭ᠋ᠠᠨ᠎ᠳᠤ ᠠᠯᠳᠠᠨ ᠮᠧᠳᠠᠯ ᠤᠯᠪᠠ

ᠢᠷᠡᠯᠲᠡ᠄ ᠦᠪᠦᠷ ᠮᠤᠩᠭᠤᠯ᠎ᠤᠨ ᠡᠳᠦᠷ᠎ᠤᠨ ᠰᠤᠨᠢᠨ
          
ᠬᠠᠮᠢᠶ᠎ᠡ ᠪᠦᠬᠦᠢ ᠰᠣᠨᠢᠨ
ᠲᠡᠯᠡᠬᠡᠢ ᠵᠢᠨ ᠠᠪᠤᠷᠭᠤ ᠵᠢᠨ ᠱᠠᠩᠨᠠᠯ᠎ᠢ ᠬᠦᠷᠳᠡᠭᠴᠢ ᠬᠠᠳᠠᠨᠪᠠᠭ᠋ᠠᠳᠤᠷ
ᠠᠯᠳᠠᠨ ᠮᠸᠳᠠᠯ᠎ᠤᠨ ᠡᠵᠡᠨ — ᠴᠢᠨᠳᠠᠭ᠎ᠠ
ᠰᠢᠨ᠎ᠡ ᠦᠵᠡᠯ ᠰᠠᠨᠠᠭ᠎ᠠ᠎ᠪᠠᠷ ᠰᠢᠨ᠎ᠡ ᠴᠠᠭ ᠦᠶ᠎ᠡ ᠵᠢᠨ ᠮᠠᠨ᠎ᠤ ᠣᠷᠣᠨ᠎ᠤ ᠪᠡᠶ᠎ᠡ ᠵᠢᠨ ᠲᠠᠮᠢᠷ᠎ᠤᠨ ᠦᠢ᠍ᠯᠡᠰ᠎ᠢ ᠬᠥᠲᠥᠯᠥᠨ ᠳᠠᠭ᠋ᠠᠭᠤᠯᠵᠦ ᠲᠣᠮᠣ ᠠᠯᠬᠤᠮ ᠵᠶ᠋ᠠᠷ ᠤᠷᠤᠭᠰᠢᠯᠠᠵᠤ ᠪᠠᠶ᠋ᠢᠨᠠᠮ
ᠮᠣᠩᠭᠤᠯ ᠪᠦᠬᠡ ᠵᠢᠨ ᠠᠯᠲᠠᠷ ᠵᠶ᠋ᠠᠨ ᠲᠠᠶᠠᠭ᠋ᠠᠷ᠎ᠲᠤ ᠲᠠᠨᠢᠭᠤᠯᠣᠨ᠎ᠠ
《ᠦᠪᠡᠷ᠎ᠢ᠎ᠪᠠᠨ ᠲᠠᠰᠤᠷᠠᠯ ᠦᠭᠡᠢ ᠲᠠᠪᠳᠠᠨ ᠲᠡᠭᠦᠯᠳᠡᠷᠵᠢᠭᠦᠯᠵᠦ ᠲᠤᠤᠺᠢᠤ᠋ ᠵᠢᠨ ᠤᠯᠢᠮᠫᠢᠺ᠎ᠳᠤ ᠬᠠᠷᠠᠮᠰᠡᠯ ᠦᠯᠡᠳᠡᠭᠡᠭᠦ ᠦᠭᠡᠢ》
 
            