ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠰᠤᠷᠪᠤᠯᠵᠢᠯᠠᠭ᠎ᠠ
ᠠᠯᠳᠠᠨ ᠮᠸᠳᠠᠯ᠎ᠤᠨ ᠡᠵᠡᠨ — ᠴᠢᠨᠳᠠᠭ᠎ᠠ
ᠨᠡᠶ᠋ᠢᠲᠡᠯᠡᠭᠰᠡᠨ ᠴᠠᠭ᠄ 2019-02-22

    ᠨᠠᠢ᠍ᠢ᠍ᠵᠠ ᠵᠢᠨ ᠲᠤᠭᠣᠷᠢᠭ ᠵᠶ᠋ᠠᠷ ᠠᠢ᠍ᠢ᠍ᠯᠴᠢᠯᠠᠨ ᠬᠦᠷᠬᠥ᠎ᠳᠤ ᠤᠩᠨᠢᠭᠤᠳ ᠨᠣᠳᠤᠭ ᠎ᠤᠨ ᠠᠯᠳᠠᠷᠲᠦ ᠪᠦᠬᠡ ᠪᠠᠳᠤᠵᠢᠷᠭ᠋ᠠᠯ ᠢᠯᠡᠭᠡᠭᠰᠡᠨ ᠴᠢᠮᠡᠭᠡ ᠵᠢ ᠦᠵᠡᠭᠡᠳ ᠰᠣᠷᠪᠤᠯᠵᠢᠯᠠᠬ᠍ᠴᠢ ᠮᠢᠨᠤ ᠪᠡᠶ᠎ᠡ ᠴᠦ᠍ ᠶᠡᠬᠡ ᠪᠠᠶᠠᠷᠯᠠᠵᠥ᠂ ᠡᠨᠡᠬᠥ ᠬᠠᠯᠠᠭᠤᠨ ᠴᠢᠮᠡᠭᠡ ᠵᠢ ᠪᠦᠭᠦᠳᠡ ᠣᠯᠠᠨ᠎ᠲᠠᠢ᠎ᠪᠠᠨ ᠬᠤᠪᠢᠶᠠᠯᠴᠠᠬᠤ ᠬᠡᠮᠡᠨ ᠰᠢᠯᠢ ᠵᠢᠨ ᠭᠤᠣᠯ ᠠᠢ᠍ᠢ᠍ᠮᠠᠭ᠎ᠤᠨ ᠬᠦᠪᠡᠭᠡᠲᠦ ᠰᠢᠷ᠎ᠠ ᠬᠤᠰᠢᠭᠤ᠎ᠪᠠᠷ ᠨᠤᠲᠣᠬᠲᠠᠢ ᠤᠯᠣᠰ᠎ᠤᠨ ᠵᠢᠤᠳᠣᠤ ᠵᠢᠨ ᠰᠢᠭᠰᠢᠭᠡ ᠪᠠᠭ᠎ᠲᠤ ᠰᠤᠷᠢᠭ᠎ᠠ ᠪᠡᠯᠡᠳᠭᠡᠯ ᠵᠶ᠋ᠠᠨ ᠬᠢᠵᠥ ᠶᠠᠪᠤᠭ᠎ᠠ ᠴᠢᠨᠳᠠᠭ᠎ᠠ ᠵᠢ ᠵᠢᠷᠭᠢᠭᠡ᠎ᠪᠠᠷ ᠲᠦᠭᠥᠮᠬᠡᠨ ᠰᠤᠷᠪᠣᠯᠵᠢᠯᠠᠬᠰᠠᠨ ᠪᠢᠯᠡ᠃

    ᠲᠤᠬᠠᠢ ᠵᠢᠨ ᠭᠠᠵᠠᠷ᠎ᠤᠨ á ´á  á ­ ᠵᠶ᠋ᠠᠷ᠂ 2 á °á  á ·á Žá   ᠵᠢᠨ 16 — 17á Žá ¤ ᠡᠳᠦᠷ ᠪᠤᠯᠳᠠᠯ᠎ᠠ ᠢᠲ᠋ᠠᠯᠢ ᠤᠯᠣᠰ᠎ᠤᠨ ᠷᠤᠮᠠ ᠬᠤᠲᠠ᠎ᠳᠤ ᠶᠠᠪᠤᠬᠳᠠᠬᠰᠠᠨ ᠡᠸᠦ᠋ᠷᠦᠫᠡ ᠵᠢᠨ ᠰᠢᠷᠢᠰ ᠤᠷᠣᠯᠳᠤᠭ᠋ᠠᠨ᠎ᠤ ᠢᠲ᠋ᠠᠯᠢ ᠵᠢᠨ ᠨᠡᠭᠡᠭᠡᠯᠲᠡᠲᠦ ᠬᠤᠪᠢᠶᠠᠷᠢ ᠲᠠᠯᠠᠪᠠᠢ ᠤᠷᠣᠯᠳᠤᠭ᠋ᠠᠨ᠎ᠤ 73 ᠺᠢᠯᠥᠭᠷᠠᠮ᠎ᠤᠨ ᠳᠡᠰ᠎ᠤᠨ ᠤᠷᠤᠯᠳᠤᠭ᠋ᠠᠨ᠎ᠳᠤ 59 ᠤᠷᠣᠯᠴᠠᠬ᠍ᠴᠢ ᠤᠷᠣᠯᠴᠠᠵᠠᠢ᠃ ᠡᠨᠡᠬᠦ ᠤᠷᠤᠯᠳᠤᠭ᠋ᠠᠨ᠎ᠤ ᠠᠯᠲᠠᠨ ᠮᠸᠳᠠᠯ᠎ᠤᠨ ᠡᠵᠡᠨ ᠵᠶ᠋ᠠᠷ ᠲᠤᠳᠣᠷᠠᠬᠰᠠᠨ ᠴᠢᠨᠳᠠᠭ᠎ᠠ᠄ 《ᠠᠯᠲᠠᠠ ᠮᠧᠳᠠᠯ ᠠᠪᠴᠥ ᠴᠢᠳᠠᠬᠰᠠᠨ᠎ᠳᠤ᠎ᠪᠠᠨ ᠮᠠᠰᠢ ᠶᠡᠬᠡ ᠪᠠᠶᠠᠷᠯᠠᠵᠥ ᠪᠠᠢ᠍ᠨ᠎ᠡ᠃ ᠦᠪᠡᠷ᠎ᠤᠨ ᠬᠤᠪᠢ᠎ᠳᠤ ᠪᠣᠯᠪᠠᠰᠤᠷᠠᠯ ᠰᠤᠷᠢᠭ᠎ᠠ᠎ᠪᠠᠨ ᠰᠠᠢ᠍ᠢ᠍ᠨ ᠬᠢᠭᠰᠡᠨ᠂ ᠭᠡᠪᠡᠴᠥ ᠦᠨᠥᠳᠦᠷ᠎ᠤᠨ ᠠᠮᠵᠢᠯᠲᠠ ᠮᠠᠨᠢ ᠠᠪᠤ ᠡᠵᠢ᠂ ᠠᠬᠠᠨ ᠳᠡᠭᠦᠥ ᠲᠦᠷᠥᠯ ᠰᠠᠳᠤᠨ᠂ ᠳᠠᠰᠬᠠᠯᠵᠢᠭᠤᠯᠣᠬ᠍ᠴᠢ᠂ ᠬᠠᠮᠲᠦ ᠤᠯᠠᠨ ᠵᠢᠴᠢ ᠨᠠᠮ᠎ᠠ ᠵᠢ ᠳᠡᠮᠵᠢᠳᠡᠭ ᠪᠦᠬᠦ ᠬᠦᠮᠦᠰ᠎ᠤᠨ ᠳᠡᠮᠵᠢᠯᠭᠡ᠂ ᠵᠣᠷᠢᠬ᠍ᠵᠢᠭᠤᠯᠣᠯ á Šá Žá  á ´á   ᠰᠠᠯᠵᠥ ᠴᠢᠳᠠᠬᠤ ᠦᠭᠡᠢ ᠶᠤᠮ᠃ ᠡᠢ᠍ᠢ᠍ᠮᠦᠷᠬᠦᠥ ᠵᠠᠪᠰᠢᠶᠠᠨ ᠲᠣᠬᠢᠶᠠᠯ᠎ᠢ ᠣᠯᠭᠤᠬᠰᠠᠨ ᠤᠯᠣᠰ᠎ᠤᠨ ᠵᠢᠣᠳᠤᠣ ᠵᠢᠨ ᠰᠢᠭᠰᠢᠭᠡ ᠪᠠᠭ᠎ᠲᠠᠭᠠᠨ ᠮᠠᠰᠢ ᠶᠡᠬᠡ ᠪᠠᠶᠠᠷᠯᠠᠯ᠎ᠠ》 ᠭᠡᠵᠦ ᠶᠠᠷᠢᠯ᠎ᠠ᠃

    《ᠭᠡᠭᠡᠷ᠎ᠡ ᠵᠢᠨ ᠭᠠᠯᠠᠭᠤ ᠨᠢᠰᠦᠭᠡᠳ ᠬᠦᠷᠬᠥ ᠦᠭᠡᠢ ᠭᠠᠵᠠᠷ᠎ᠠᠴᠠ ᠬᠦᠮᠦᠨ᠎ᠤ ᠬᠦᠥ ᠡᠷᠳᠡᠨᠢ ᠡᠪᠦᠷᠯᠡᠵᠥ ᠢᠷᠡᠨ᠎ᠡ》 ᠭᠡᠳᠡᠭᠴᠢᠯᠠᠨ ᠵᠠᠯᠠᠭᠤ ᠲᠠᠮᠢᠷᠴᠢᠨ ᠴᠢᠨᠳᠠᠭ᠎ᠠ᠎ᠲᠠᠭᠠᠨ ᠬᠣᠵᠢᠮ᠎ᠤᠨ ᠤᠷᠤᠯᠳᠤᠭ᠋ᠠᠨ ᠲᠡᠮᠡᠴᠡᠭᠡᠨ᠎ᠤ ᠬᠢᠨᠢ ᠦᠠᠳᠦᠷ ᠠᠮᠵᠢᠯᠲᠠ᠎ᠲᠠᠢ ᠪᠠᠷᠢᠯᠳᠤᠵᠥ ᠶᠠᠪᠤᠬᠣ ᠦᠯᠵᠡᠢ᠍ᠢ᠍ᠲᠡᠢ ᠵᠦᠩᠨᠡᠯ᠎ᠢ ᠲᠡᠪᠰᠢᠭᠦᠯᠦᠶ᠎ᠡ!

ᠤᠡᠭᠰᠢᠪᠦᠷᠢ᠄

    ᠡᠸᠦ᠋ᠷᠦᠫᠡ ᠵᠢᠨ ᠰᠢᠷᠢᠰ ᠤᠷᠣᠯᠳᠤᠭ᠋ᠠᠨ᠎ᠤ ᠢᠲ᠋ᠠᠯᠢ ᠵᠢᠨ ᠨᠡᠭᠡᠭᠡᠯᠲᠡᠲᠦ ᠬᠤᠪᠢᠶᠠᠷᠢ ᠲᠠᠯᠠᠪᠠᠢ ᠤᠷᠣᠯᠳᠤᠭ᠋ᠠᠨ᠎ᠳᠤ ᠦᠪᠦᠷ ᠮᠤᠡᠭᠭᠤᠯ᠎ᠤᠨ ᠲᠠᠪᠤᠨ ᠤᠷᠤᠯᠴᠠᠬ᠍ᠴᠢ ᠲᠤᠮᠳᠠᠳᠦ ᠤᠯᠤᠰ᠎ᠢ ᠲᠦᠯᠦᠭᠡᠯᠡᠨ ᠤᠷᠤᠯᠳᠤᠭ᠋ᠠᠨ᠎ᠳᠤ ᠤᠷᠤᠯᠴᠠᠵᠦ᠂ ᠰᠠᠢ᠍ᠢ᠍ᠨᠵᠢᠷᠭ᠋ᠠᠯ ᠰᠢᠷᠠᠬᠳᠤᠯ᠎ᠠᠴᠠ ᠪᠤᠯᠵᠦ ᠲᠤᠰ ᠲᠠᠯᠠᠪᠠᠢ ᠤᠷᠤᠯᠳᠤᠭ᠋ᠠᠨ᠎ᠳᠤ ᠤᠷᠤᠯᠴᠠᠵᠦ ᠲᠡᠢ᠍ᠢ᠍ᠯᠦᠭᠰᠡᠨ ᠦᠭᠡᠢ᠃
    ᠴᠢᠨᠳᠠᠭ᠎ᠠ 73 ᠺᠢᠯᠥᠭᠷᠠᠮ᠎ᠤᠨ ᠳᠡᠰ᠎ᠤᠨ ᠠᠯᠲᠠᠨ ᠮᠸᠳᠠᠯ

    ᠡᠷᠬᠢᠮᠪᠠᠳᠦ -100 ᠺᠢᠯᠥᠭᠷᠠᠮ᠎ᠤᠨ ᠲᠡᠰ᠎ᠤᠨ ᠮᠦᠡᠭᠬᠦᠨ ᠮᠸᠳᠠᠯ

    ᠪᠦᠬᠡᠪᠢᠯᠢᠭ - 90 ᠺᠢᠯᠥᠭᠷᠠᠮ᠎ᠤᠨ ᠲᠡᠰ᠎ᠤᠨ ᠬᠦᠷᠡᠯ ᠮᠸᠳᠠᠯ

    ᠵᠠᠯᠰᠠᠩ 81 ᠺᠢᠯᠥᠭᠷᠠᠮ᠎ᠤᠨ ᠲᠡᠰ᠎ᠤᠨ ᠲᠠᠪᠤᠳᠤᠭ᠋ᠠᠷ


ᠢᠷᠡᠯᠲᠡ᠄ ᠦᠪᠦᠷ ᠮᠤᠩᠭᠤᠯ᠎ᠤᠨ ᠡᠳᠦᠷ᠎ᠤᠨ ᠰᠤᠨᠢᠨ
          
ᠬᠠᠮᠢᠶ᠎ᠡ ᠪᠦᠬᠦᠢ ᠰᠣᠨᠢᠨ
ᠰᠢᠨ᠎ᠡ ᠦᠵᠡᠯ ᠰᠠᠨᠠᠭ᠎ᠠ᠎ᠪᠠᠷ ᠰᠢᠨ᠎ᠡ ᠴᠠᠭ ᠦᠶ᠎ᠡ ᠵᠢᠨ ᠮᠠᠨ᠎ᠤ ᠣᠷᠣᠨ᠎ᠤ ᠪᠡᠶ᠎ᠡ ᠵᠢᠨ ᠲᠠᠮᠢᠷ᠎ᠤᠨ ᠦᠢ᠍ᠯᠡᠰ᠎ᠢ ᠬᠥᠲᠥᠯᠥᠨ ᠳᠠᠭ᠋ᠠᠭᠤᠯᠵᠦ ᠲᠣᠮᠣ ᠠᠯᠬᠤᠮ ᠵᠶ᠋ᠠᠷ ᠤᠷᠤᠭᠰᠢᠯᠠᠵᠤ ᠪᠠᠶ᠋ᠢᠨᠠᠮ
ᠮᠣᠩᠭᠤᠯ ᠪᠦᠬᠡ ᠵᠢᠨ ᠠᠯᠲᠠᠷ ᠵᠶ᠋ᠠᠨ ᠲᠠᠶᠠᠭ᠋ᠠᠷ᠎ᠲᠤ ᠲᠠᠨᠢᠭᠤᠯᠣᠨ᠎ᠠ
《ᠦᠪᠡᠷ᠎ᠢ᠎ᠪᠠᠨ ᠲᠠᠰᠤᠷᠠᠯ ᠦᠭᠡᠢ ᠲᠠᠪᠳᠠᠨ ᠲᠡᠭᠦᠯᠳᠡᠷᠵᠢᠭᠦᠯᠵᠦ ᠲᠤᠤᠺᠢᠤ᠋ ᠵᠢᠨ ᠤᠯᠢᠮᠫᠢᠺ᠎ᠳᠤ ᠬᠠᠷᠠᠮᠰᠡᠯ ᠦᠯᠡᠳᠡᠭᠡᠭᠦ ᠦᠭᠡᠢ》
ᠴᠢᠯᠦᠬᠡᠲᠦ ᠪᠦᠬᠡ ᠵᠢᠨ ᠤᠯᠤᠰ᠎ᠤᠨ ᠠᠪᠤᠷᠭᠤ ᠠᠯᠳᠠᠨ ᠪᠦᠰᠠ ᠵᠢᠨ ᠡᠵᠡᠨ ᠪᠤᠳᠢᠵᠠᠪ ᠮᠦᠨᠭᠬᠡᠵᠠᠭ᠋ᠠᠨ ᠬᠤᠶᠠᠷ
ᠵᠠᠯᠠᠭᠤ ᠪᠦᠬᠡᠴᠢᠨ ᠰᠦᠮᠪᠤᠷ
 
            