ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠰᠤᠷᠪᠤᠯᠵᠢᠯᠠᠭ᠎ᠠ
《ᠦᠪᠡᠷ᠎ᠢ᠎ᠪᠠᠨ ᠲᠠᠰᠤᠷᠠᠯ ᠦᠭᠡᠢ ᠲᠠᠪᠳᠠᠨ ᠲᠡᠭᠦᠯᠳᠡᠷᠵᠢᠭᠦᠯᠵᠦ ᠲᠤᠤᠺᠢᠤ᠋ ᠵᠢᠨ ᠤᠯᠢᠮᠫᠢᠺ᠎ᠳᠤ ᠬᠠᠷᠠᠮᠰᠡᠯ ᠦᠯᠡᠳᠡᠭᠡᠭᠦ ᠦᠭᠡᠢ》
ᠨᠡᠶ᠋ᠢᠲᠡᠯᠡᠭᠰᠡᠨ ᠴᠠᠭ᠄ 2020-06-04

   

    ᠰᠤᠷᠪᠤᠯᠵᠢᠯᠠᠭᠴᠢ ᠥᠢ᠍ᠷ᠎ᠠ᠎ᠳᠤ ᠥᠪᠡᠷᠲᠡᠭᠡᠨ ᠵᠠᠰᠠᠬᠤ ᠣᠷᠣᠨ᠎ᠤ ᠪᠡᠶ᠎ᠡ ᠵᠢᠨ ᠲᠠᠮᠢᠷ᠎ᠤᠨ ᠲᠣᠪᠴᠢᠶ᠎ᠠ ᠵᠢᠨ ᠦᠴᠤᠸᠠᠨ᠎ᠤ ᠪᠣᠯᠪᠠᠰᠤᠷᠠᠯ᠎ᠤᠨ ᠰᠠᠭᠤᠷᠢᠨ᠎ᠳᠤ ᠬᠥᠷᠬᠦ᠎ᠳᠤ᠂ ᠤᠯᠤᠰ᠎ᠤᠨ ᠠᠩᠭᠢ᠎ᠳᠤ ᠪᠠᠶ᠋ᠢᠭ᠎ᠠ ᠮᠠᠨ᠎ᠤ ᠤᠷᠤᠨ᠎ᠤ ᠠᠯᠬᠤᠭ᠎ᠠ ᠤᠷᠤᠯᠳᠤᠭ᠋ᠠᠨ᠎ᠤ ᠲᠠᠮᠢᠷᠴᠢᠨ á ¶á  á © ᠵᠢᠶᠠ ᠢᠦᠶ á ¶á  á ¬ ᠰᠠᠶ᠋ᠢᠬᠠᠨ ᠰᠤᠷᠢᠭ᠎ᠠ ᠪᠤᠯᠪᠠᠰᠤᠷᠠᠯ᠎ᠳᠠᠭᠠᠨ ᠶᠠᠭ᠋ᠠᠷᠠᠵᠥ ᠪᠠᠶ᠋ᠢᠯ᠎ᠠ᠃ ᠲᠡᠷᠡ ᠡᠳᠤᠷ ᠪᠤᠯᠭ᠋ᠠᠨ 4 — 5 á ´á  á ­á ‚ ᠠᠷᠪᠠᠨ ᠬᠡᠳᠦᠨ ᠺᠢᠯᠤᠮᠸᠲᠷ᠎ᠤᠨ ᠠᠯᠬᠤᠭ᠎ᠠ ᠤᠷᠤᠯᠳᠤᠭ᠋ᠠᠨ᠎ᠤ ᠪᠣᠯᠪᠠᠰᠤᠷᠠᠯ᠎ᠢ ᠬᠥᠢ᠍ᠴᠡᠳᠭᠡᠳᠡᠭ ᠬᠡᠵᠤ ᠪᠠᠶ᠋ᠢᠯ᠎ᠠ᠃
    á ¶á  á © ᠵᠢᠶᠠ ᠢᠦᠶ ᠲᠤᠤᠺᠢᠣ᠋ ᠵᠢᠨ ᠣᠯᠢᠮᠫᠢᠺ᠎ᠤᠨ ᠲᠠᠮᠢᠷ᠎ᠤᠨ ᠴᠤᠭᠯᠠᠭ᠋ᠠᠨ᠎ᠳᠤ ᠤᠷᠤᠯᠴᠠᠬᠤ á ¡á ·á ­á ¡ ᠵᠢ ᠲᠡᠮᠡᠴᠡᠨ ᠤᠯᠤᠬᠰᠠᠨ ᠳᠤᠬᠠᠢ᠎ᠳᠠᠭᠠᠨ᠄ 《ᠤᠷᠤᠯᠳᠤᠭ᠋ᠠᠨ᠎ᠤ ᠪᠡᠯᠡᠳᠬᠡᠯ ᠠᠵᠢᠯ ᠤᠤᠯ᠎ᠤᠨ ᠲᠥᠯᠥᠪᠯᠡᠭᠡ᠎ᠠᠴᠠ᠎ᠪᠠᠨ ᠤᠷᠲᠤ ᠪᠤᠯᠤᠬᠰᠠᠨ᠎ᠨᠢ ᠪᠡᠶ᠎ᠠ ᠰᠡᠳᠬᠢᠯ᠎ᠤᠨ ᠲᠡᠩᠴᠡᠬᠦᠷᠢᠰᠢᠯ᠎ᠤᠨ ᠲᠠᠯ᠎ᠠ᠎ᠪᠠᠷ ᠵᠢᠭ᠋ᠠᠬᠠᠨ ᠨᠥᠯᠥᠭᠡᠯᠡᠭᠳᠡᠯ᠎ᠠ᠃ ᠭᠡᠪᠡᠴᠦ ᠲᠣᠬᠢᠷᠠᠭᠤᠯᠤᠯᠲᠠ᠎ᠪᠠᠨ ᠰᠠᠶ᠋ᠢᠳᠤᠷ ᠬᠢᠭᠰᠡᠨ᠎ᠤ ᠳᠠᠷᠠᠭ᠎ᠠ ᠣᠳᠣ ᠬᠡᠪ᠎ᠤᠨ ᠪᠣᠯᠪᠠᠰᠤᠷᠠᠯ ᠵᠶ᠋ᠠᠨ ᠰᠡᠷᠭᠦᠭᠡᠵᠦ᠂ ᠪᠦᠬᠦᠯᠢ ᠴᠣᠭᠴᠠ ᠵᠢᠨ ᠲᠥᠷᠥᠭᠳᠡᠯ ᠨᠡᠯᠢᠶᠡᠳ ᠵᠦᠭᠡᠷ ᠪᠠᠶ᠋ᠢᠨ᠎ᠠ᠃ ᠥᠩᠭᠡᠷᠡᠭᠰᠡᠨ ᠨᠢᠭᠡ ᠵᠢᠯ᠎ᠤᠨ ᠬᠦᠷᠦᠯᠴᠡᠬᠦ ᠦᠭᠡᠢ ᠲᠠᠯ᠎ᠠ᠎ᠪᠠᠨ ᠨᠥᠬᠦᠪᠥᠷᠢᠯᠡᠵᠦ᠂ ᠣᠯᠢᠮᠫᠢᠺ᠎ᠤᠨ ᠲᠠᠮᠢᠷ᠎ᠤᠨ ᠴᠤᠭᠯᠠᠭ᠋ᠠᠨ᠎ᠳᠤ ᠣᠷᠣᠬᠤ ᠪᠢᠯᠧᠲ᠎ᠲᠡᠭᠡᠨ ᠬᠠᠷᠠᠮᠰᠠᠯ ᠦᠯᠡᠳᠡᠭᠡᠬᠦ ᠦᠭᠡᠢ!》 ᠬᠡᠵᠥ ᠲᠡᠷᠡ ᠢᠲᠡᠭᠡᠯ ᠲᠡᠬᠦᠯᠳᠡᠷ ᠶᠡᠷᠢᠵᠥ ᠪᠢᠯᠠ᠃
    á ¶á  á © ᠵᠢᠶᠠ ᠢᠤᠢ ᠦᠬᠠᠢ ᠬᠤᠳᠠ᠎ᠳᠤ ᠲᠦᠷᠦᠪᠡ᠂ ᠬᠠᠷᠠᠬᠠᠨ ᠪᠠᠭ᠎ᠠ᠎ᠠᠴᠠ᠎ᠪᠠᠨ ᠪᠡᠶ᠎ᠡ ᠵᠢᠨ ᠲᠠᠮᠢᠷ᠎ᠲᠤ ᠲᠤᠷ᠎ᠠ ᠪᠠᠬᠠᠳᠠᠢ ᠲᠡᠷᠡᠪᠡᠷ 2010 ᠤᠨ᠎ᠠᠴᠠ ᠡᠬᠢᠯᠡᠨ ᠠᠯᠳᠠ ᠲᠠᠰᠬᠠᠯᠵᠢᠭᠤᠯᠤᠭᠴᠢ ᠵᠢ ᠲᠠᠭ᠋ᠠᠵᠦ᠂ ᠲᠤᠰᠬᠠᠢ ᠮᠡᠷᠭᠡᠵᠢᠯ᠎ᠤᠨ ᠪᠤᠯᠪᠠᠰᠤᠷᠠᠯ ᠬᠦᠷᠳᠡᠵᠦ ᠡᠬᠢᠯᠡᠵᠡᠢ᠃ á ¶á  á © ᠵᠢᠶᠠ ᠢᠦᠶ ᠲᠤᠮᠤ ᠬᠡᠯᠪᠡᠷᠢ ᠵᠢᠨ ᠤᠷᠤᠯᠳᠤᠭ᠋ᠠᠨ᠎ᠳᠤ ᠣᠷᠣᠯᠴᠠᠭᠰᠠᠨ᠎ᠠᠴᠠ ᠨᠠᠭ᠋ᠠᠰᠢ᠂ ᠤᠷᠢᠳ ᠬᠤᠵᠢᠳ ᠯᠣᠨᠳᠣᠨ᠎ᠤ ᠬᠦᠨᠳᠦ ᠬᠥᠩᠭᠡᠨ ᠪᠡᠶ᠎ᠠ ᠵᠢᠨ ᠲᠠᠮᠢᠷ᠎ᠤᠨ ᠳᠡᠯᠡᠬᠡᠶ ᠵᠢᠨ ᠮᠠᠩᠯᠠᠶ ᠰᠢᠯᠭ᠋ᠠᠷᠠᠭᠤᠯᠬᠤ ᠤᠷᠤᠯᠳᠤᠭ᠋ᠠᠨ᠎ᠤ ᠡᠮᠡᠭᠲᠡᠶ ᠵᠢᠨ 20   ᠺᠢᠯᠤᠮᠸᠲᠷ᠎ᠤᠨ ᠠᠯᠬᠤᠭ᠎ᠠ ᠤᠷᠤᠯᠳᠤᠭ᠋ᠠᠨ᠎ᠤ ᠮᠠᠩᠯᠠᠶ᠂ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠲᠠᠮᠢᠷ᠎ᠤᠨ ᠴᠤᠭᠯᠠᠭ᠋ᠠᠨ᠎ᠤ ᠡᠮᠡᠭᠲᠡᠶ ᠵᠢᠨ 20 ᠺᠢᠯᠤᠮᠸᠲᠷ᠎ᠤᠨ ᠠᠯᠬᠤᠭ᠎ᠠ ᠤᠷᠤᠯᠳᠤᠭ᠋ᠠᠨ᠎ᠤ ᠮᠠᠩᠯᠠᠶ᠂ ᠣᠯᠠᠨ ᠤᠯᠤᠰ᠎ᠤᠨ ᠬᠦᠨᠳᠦ ᠬᠥᠩᠭᠡᠨ ᠪᠡᠶ᠎ᠠ ᠵᠢᠨ ᠲᠠᠮᠢᠷ᠎ᠤᠨ ᠬᠤᠯᠪᠣᠭ᠋ᠠᠨ᠎ᠤ ᠳᠡᠯᠡᠬᠡᠶ ᠵᠢᠨ ᠠᠯᠬᠤᠭ᠎ᠠ ᠤᠷᠤᠯᠳᠤᠭ᠋ᠠᠨ᠎ᠤ ᠬᠠᠮᠳᠤ ᠨᠢᠬᠡᠴᠢ ᠵᠢᠨ ᠮᠠᠩᠯᠠᠶ ᠰᠢᠯᠭ᠋ᠠᠷᠠᠭᠤᠯᠬᠤ ᠤᠷᠤᠯᠳᠤᠭ᠋ᠠᠨ᠎ᠤ ᠡᠮᠡᠭᠲᠡᠶ ᠵᠢᠨ ᠨᠠᠰᠤᠨ᠎ᠳᠤ ᠬᠦᠷᠦᠭᠰᠡᠳ᠎ᠤᠨ ᠳᠤᠭᠤᠢ᠍ᠢ᠍ᠯᠠᠩ᠎ᠤᠨ ᠮᠠᠩᠯᠠᠶ᠂ ᠵᠠᠺᠠᠷᠳᠠ ᠵᠢᠨ ᠠᠽᠢᠶ᠎ᠠ ᠲᠢᠪ᠎ᠤᠨ ᠲᠠᠮᠢᠷ᠎ᠤᠨ ᠴᠤᠭᠯᠠᠭ᠋ᠠᠨ᠎ᠤ ᠡᠮᠡᠭᠲᠡᠶ ᠵᠢᠨ 20 ᠺᠢᠯᠤᠮᠸᠲᠷ᠎ᠤᠨ ᠠᠯᠬᠤᠭ᠎ᠠ ᠤᠷᠤᠯᠳᠤᠭ᠋ᠠᠨ᠎ᠤ ᠮᠠᠩᠯᠠᠶ ᠵᠡᠷᠭᠡ᠎ᠪᠠᠷ ᠲᠤᠳᠤᠷᠠᠵᠤ᠂ ᠮᠠᠨ᠎ᠤ ᠤᠷᠤᠨ᠎ᠤ ᠰᠢᠯᠢᠳᠡᠭ ᠲᠠᠮᠢᠷᠴᠢᠨ᠎ᠤ ᠭᠠᠯᠪᠢᠷ ᠳᠦᠷᠬᠦ ᠵᠢ ᠢᠯᠡᠷᠡᠭᠦᠯᠦᠭᠰᠡᠨ ᠪᠠᠶ᠋ᠢᠨ᠎ᠠ᠃

ᠢᠷᠡᠯᠲᠡ᠄ ᠠᠷᠠᠳ᠎ᠤᠨ ᠰᠦᠯᠵᠢᠶ᠎ᠡ
          
ᠬᠠᠮᠢᠶ᠎ᠡ ᠪᠦᠬᠦᠢ ᠰᠣᠨᠢᠨ
ᠴᠢᠯᠦᠬᠡᠲᠦ ᠪᠦᠬᠡ ᠵᠢᠨ ᠤᠯᠤᠰ᠎ᠤᠨ ᠠᠪᠤᠷᠭᠤ ᠠᠯᠳᠠᠨ ᠪᠦᠰᠠ ᠵᠢᠨ ᠡᠵᠡᠨ ᠪᠤᠳᠢᠵᠠᠪ ᠮᠦᠨᠭᠬᠡᠵᠠᠭ᠋ᠠᠨ ᠬᠤᠶᠠᠷ
ᠵᠠᠯᠠᠭᠤ ᠪᠦᠬᠡᠴᠢᠨ ᠰᠦᠮᠪᠤᠷ
ᠪᠦᠬᠡ ᠵᠢᠨ ᠲᠡᠪᠵᠢᠶᠠᠨ᠎ᠤ ᠤᠲᠤᠨ — ᠳ᠋ᠠᠷᠬᠢᠵᠠᠪ
ᠪᠦᠬᠡ ᠵᠢᠨ ᠦᠢ᠍ᠯᠡᠰ᠎ᠲᠤ ᠦᠨᠠᠨᠴᠢ ᠵᠢᠳᠬᠦᠭᠴᠢ
ᠬᠤᠷᠲᠤᠨ ᠬᠦᠯᠦᠭ᠎ᠤᠨ ᠤᠶᠠᠭ᠋ᠠᠨ᠎ᠤ ᠡᠵᠡᠨ — ᠶᠠᠨᠭ᠌ ᠶᠠᠨᠭ᠌
 
            