ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠰᠤᠷᠪᠤᠯᠵᠢᠯᠠᠭ᠎ᠠ
ᠮᠣᠩᠭᠤᠯ ᠪᠦᠬᠡ ᠵᠢᠨ ᠠᠯᠲᠠᠷ ᠵᠶ᠋ᠠᠨ ᠲᠠᠶᠠᠭ᠋ᠠᠷ᠎ᠲᠤ ᠲᠠᠨᠢᠭᠤᠯᠣᠨ᠎ᠠ
ᠨᠡᠶ᠋ᠢᠲᠡᠯᠡᠭᠰᠡᠨ ᠴᠠᠭ᠄ 2019-12-31

     â€” ᠵᠠᠯᠠᠭᠤ ᠪᠥᠬᠡᠴᠢᠨ ᠮᠥᠡᠭᠭᠡᠳᠦ᠋ᠬᠦᠷᠡᠩ᠎ᠢ ᠰᠣᠷᠪᠣᠯᠵᠢᠯᠠᠭᠰᠠᠨ᠎ᠨᠢ

      ᠰᠤᠷᠪᠤᠯᠵᠢᠯᠠᠭᠴᠢ᠄ ᠪᠤᠤ ᠦᠷᠭᠡᠨ

    ᠰᠤᠷᠪᠤᠯᠵᠢᠯᠠᠬ᠍ᠴᠢ ᠲᠥᠷᠥᠬᠦᠬᠡᠨ ᠤᠯᠠᠭ᠋ᠠᠨᠬᠠᠳᠠ ᠬᠤᠳᠠ ᠵᠢᠨ á  á ·á ¤ ᠬᠤᠷᠴᠢᠨ ᠬᠤᠰᠢᠭᠤ᠎ᠪᠠᠷ ᠰᠤᠷᠪᠤᠯᠵᠢᠯᠠᠨ ᠶᠠᠪᠤᠬᠤ᠎ᠳᠠᠭᠠᠨ ᠤᠷᠤᠨ ᠨᠤᠳᠤᠬ᠎ᠲᠠᠭᠠᠨ ᠠᠯᠳᠠᠷ ᠵᠶ᠋ᠠᠨ ᠲᠠᠭᠤᠷᠢᠰᠤᠭᠤᠯᠵᠥ ᠶᠠᠪᠤᠭ᠎ᠠ ᠵᠠᠯᠠᠭᠤ ᠰᠤᠳᠤᠨ ᠪᠥᠬᠡᠴᠢᠨ ᠮᠥᠡᠭᠭᠡᠳᠦ᠋ᠬᠦᠷᠡᠩ᠎ᠲᠠᠢ ᠲᠠᠭ᠋ᠠᠷᠠᠯᠳᠤᠵᠥ ᠪᠥᠭᠡ ᠵᠢᠨ ᠲᠤᠬᠠᠢ ᠵᠤᠭᠤᠬ᠎ᠠᠴᠠ ᠭᠠᠳᠠᠨ᠎ᠠ ᠪᠤᠰᠤᠳ᠎ᠢ ᠬᠠᠪᠰᠤᠷᠤᠨ ᠲᠡᠮᠵᠢᠵᠥ ᠶᠠᠪᠤᠭ᠎ᠠ ᠪᠤᠶᠠᠨ᠎ᠤ ᠥᠢ᠍ᠯᠡᠰ᠎ᠤᠨ ᠲᠡᠯ᠎ᠠ᠎ᠪᠠᠷ ᠶᠠᠷᠢᠯᠴᠠᠭ᠎ᠠ ᠬᠢᠭᠰᠡᠨ ᠶᠤᠮ᠃
    ᠰᠤᠷᠪᠤᠯᠵᠢᠯᠠᠬ᠍ᠴᠢ᠄ ᠲᠠ ᠠᠯᠢ ᠤᠨ᠎ᠠᠴᠠ ᠡᠬᠢᠯᠡᠨ ᠮᠤᠩᠭᠤᠯ ᠪᠥᠬᠡ᠎ᠪᠠᠨ ᠪᠠᠷᠢᠯᠳᠤᠵᠥ ᠡᠬᠢᠯᠡᠭᠰᠡᠨ ᠪᠤᠢ?
    ᠮᠥᠡᠭᠭᠡᠳᠦ᠋ᠬᠦᠷᠡᠩ᠄ ᠶᠡᠷᠥ᠎ᠨᠢ ᠪᠢ ᠪᠠᠭ᠎ᠠ᠎ᠠᠴᠠ᠎ᠪᠠᠨ ᠮᠤᠩᠭᠤᠯ ᠪᠥᠬᠡ᠎ᠳᠤ ᠪᠠᠭ᠍ᠠᠳᠠᠢ᠂ 2010 ᠤᠨ᠎ᠳᠤ᠂ ᠲᠠᠷᠤᠢ 18 ᠨᠠᠰᠤᠨ᠎ᠠᠴᠠ᠎ᠪᠠᠨ ᠡᠬᠢᠯᠡᠨ ᠮᠤᠩᠭᠤᠯ ᠪᠥᠬᠡ᠎ᠪᠠᠨ ᠪᠠᠷᠢᠯᠳᠤᠵᠥ ᠢᠷᠡᠭᠰᠡᠨ ᠶᠤᠮ᠃ ᠤᠳᠤ 9 ᠵᠢᠯ ᠪᠤᠯᠴᠢᠬᠠᠯ᠎ᠠ᠃
    ᠰᠤᠷᠪᠤᠯᠵᠢᠯᠠᠬ᠍ᠴᠢ᠄ ᠲᠠᠨ᠎ᠤ ᠠᠬᠠᠰ ᠶᠡᠭᠡᠰ᠎ᠲᠤ ᠴᠢᠨᠢ ᠪᠥᠬᠡ ᠪᠠᠷᠢᠯᠳᠤᠳᠠᠬ ᠬᠥᠮᠥᠨ ᠪᠠᠶ᠋ᠢᠬᠰᠠᠨ ᠤᠤ?
    ᠮᠥᠡᠭᠭᠡᠳᠦ᠋ᠬᠦᠷᠡᠩ᠄ ᠮᠠᠨ᠎ᠤ ᠨᠠᠭ᠋ᠠᠴᠤ ᠵᠢᠨ ᠤᠳᠤᠮ᠎ᠳᠤ ᠨᠢᠬᠡ ᠬᠤᠶᠠᠷ ᠮᠤᠩᠭᠤᠯ ᠪᠥᠬᠡᠴᠢᠨ ᠪᠠᠶ᠋ᠢᠬᠰᠠᠨ ᠶᠤᠮ᠃ ᠠᠪᠤ ᠵᠢᠨ ᠤᠳᠤᠮ᠎ᠳᠤ ᠪᠠᠶ᠋ᠢᠭ᠎ᠠ ᠥᠬᠡᠢ᠃
    ᠰᠤᠷᠪᠤᠯᠵᠢᠯᠠᠬ᠍ᠴᠢ᠄ ᠲᠠᠨ᠎ᠤ ᠰᠤᠷᠭ᠋ᠠᠬ᠍ᠴᠢ ᠴᠢᠨᠢ ᠬᠡᠨ ᠪᠤᠢ?
    ᠮᠥᠡᠭᠭᠡᠳᠦ᠋ᠬᠦᠷᠡᠩ᠄ ᠮᠢᠨᠥ ᠪᠥᠬᠡ ᠵᠢᠨ ᠪᠠᠭᠰᠢ ᠪᠤᠯ ᠤᠯᠠᠭ᠋ᠠᠨᠬᠠᠳᠠ ᠬᠤᠳᠠ ᠵᠢᠨ á  á ·á ¤ ᠬᠤᠷᠴᠢᠨ ᠬᠤᠰᠢᠭᠤ ᠨᠤᠳᠤᠬᠳᠠᠢ᠂ ᠲᠤᠮᠳᠠᠳᠤ ᠤᠯᠤᠰ᠎ᠤᠨ ᠵᠢᠤᠳᠤᠤ ᠪᠥᠬᠡ ᠵᠢᠨ ᠲᠠᠮᠢᠷᠴᠢᠨ ᠵᠢᠭᠮᠢᠳᠰᠦ᠋ᠷᠥᠭ ᠪᠤᠯᠬᠤ ᠶᠤᠮ᠃ ᠪᠠᠭᠰᠢ ᠮᠢᠨᠢ ᠵᠠᠯᠠᠭᠤ ᠽᠠᠨᠳᠠᠨ ᠨᠠᠰᠤᠨ᠎ᠳᠠᠭᠠᠨ ᠤᠯᠠᠨ ᠤᠳᠠᠭ᠎ᠠ ᠤᠷᠦ᠋ᠢ᠍ᠯᠡᠵᠥ ᠶᠠᠪᠤᠬᠰᠠᠨ ᠲᠡᠤᠭᠡ᠎ᠲᠠᠢ᠂ 2011 ᠤᠨ᠎ᠠᠴᠠ ᠤᠳᠤ ᠪᠤᠯᠳᠠᠯ᠎ᠠ ᠲᠤᠰ ᠪᠠᠭᠰᠢ ᠵᠢᠨ ᠲᠤᠤᠷ᠎ᠠ ᠰᠤᠷᠢᠭ᠎ᠠ ᠪᠤᠯᠪᠠᠰᠤᠷᠠᠯ ᠵᠶ᠋ᠠᠨ ᠬᠢᠵᠥ ᠯᠠ ᠪᠠᠶ᠋ᠢᠭ᠎ᠠ ᠶᠤᠮ᠃
    ᠰᠤᠷᠪᠤᠯᠵᠢᠯᠠᠬ᠍ᠴᠢ᠄ ᠪᠥᠬᠡ ᠵᠢᠨ ᠪᠠᠷᠢᠯᠳᠤᠭ᠋ᠠᠨ᠎ᠳᠤ ᠲᠠᠨ ᠵᠠᠮᠠᠷ ᠠᠮᠵᠢᠯᠳᠠ ᠪᠥᠳᠥᠮᠵᠢ᠎ᠲᠠᠢ ᠶᠠᠪᠤᠭ᠎ᠠ ᠪᠤᠢ?
    ᠮᠥᠡᠭᠭᠡᠳᠦ᠋ᠬᠦᠷᠡᠩ᠄ ᠵᠥᠪᠭᠡᠨ ᠮᠤᠩᠭᠤᠯ ᠪᠥᠬᠡ ᠪᠡᠷᠢᠯᠳᠤᠳᠠᠬ ᠪᠤᠯᠬᠤᠷ ᠤᠷᠤᠨ᠎ᠤ ᠲᠡᠰ᠎ᠤᠨ ᠤᠷᠤᠯᠳᠤᠭ᠋ᠠᠨ᠎ᠳᠤ ᠨᠢᠭᠡ ᠤᠳᠠᠭ᠎ᠠ ᠲᠡᠷᠢᠬᠦᠯᠡᠵᠥ 《ᠭᠠᠷᠤᠳᠠᠢ》 ᠴᠤᠯᠠ ᠬᠠᠮᠠᠭ᠋ᠠᠯᠠᠵᠥ ᠥᠡᠭᠭᠡᠷᠡᠭᠰᠡᠨ ᠶᠤᠮ᠃
    ᠰᠤᠷᠪᠤᠯᠵᠢᠯᠠᠬ᠍ᠴᠢ᠄ ᠶᠡᠷᠤᠳᠡ ᠵᠢᠨ ᠪᠡᠯᠡᠳᠭᠡᠯ ᠰᠤᠷᠢᠭ᠎ᠠ ᠶᠠᠮᠠᠷ ᠰᠢᠤ ᠪᠠᠶ᠋ᠢᠭ᠎ᠠ ᠪᠤᠢ?
    ᠮᠥᠡᠭᠭᠡᠳᠦ᠋ᠬᠦᠷᠡᠩ᠄ ᠡᠪᠤᠯ᠎ᠤᠨ ᠪᠡᠯᠡᠳᠭᠡᠯ ᠪᠠ ᠬᠠᠪᠤᠷ᠎ᠤᠨ ᠪᠡᠯᠡᠳᠭᠡᠯ ᠵᠶ᠋ᠠᠷ ᠭᠤᠤᠯᠳᠠᠭᠤᠯᠵᠥ ᠪᠠᠶ᠋ᠢᠨ᠎ᠠ᠃ ᠤᠷᠴᠢᠮ᠎ᠤᠨ ᠵᠢᠯ᠎ᠳᠤ ᠮᠠᠨ᠎ᠤ ᠪᠤᠰᠤᠳ ᠪᠥᠬᠡᠴᠢᠳ ᠮᠤᠩᠭᠤᠯ ᠤᠯᠤᠰ ᠵᠶ᠋ᠠᠷ ᠬᠥᠷᠴᠤ ᠰᠤᠯᠢᠯᠴᠠᠭ᠎ᠠ ᠬᠢᠵᠥ ᠮᠡᠷᠭᠡᠵᠢᠯ ᠪᠠ ᠬᠥᠴᠥᠨ᠎ᠤ ᠲᠠᠯ᠎ᠠ᠎ᠪᠠᠷ ᠲᠠᠪᠳᠠᠨ ᠪᠤᠯᠪᠠᠰᠤᠷᠠᠬᠤ ᠪᠤᠯᠤᠬᠰᠠᠨ ᠪᠠᠶ᠋ᠢᠨ᠎ᠠ᠃ ᠬᠤᠶ᠋ᠢᠰᠢᠳᠠ ᠡᠨᠡ ᠲᠠᠯ᠎ᠠ᠎ᠪᠠᠷ᠎ᠬᠢ ᠰᠤᠯᠢᠯᠴᠠᠭ᠎ᠠ᠎ᠪᠠᠨ ᠥᠷᠭᠡᠳᠭᠡᠬᠦ ᠰᠠᠨᠠᠭ᠎ᠠ᠎ᠲᠠᠢ᠃
    ᠰᠤᠷᠪᠤᠯᠵᠢᠯᠠᠬ᠍ᠴᠢ᠄ ᠮᠤᠩᠭᠤᠯ   ᠪᠥᠬᠡ ᠵᠢᠨ   ᠪᠠᠷᠢᠯᠳᠤᠭ᠋ᠠᠨ á Žá ¤   ᠲᠠᠷᠬᠠᠭ᠋ᠠᠯᠳᠠ ᠵᠢᠨ   ᠤᠨᠴᠠᠯᠢᠬ   ᠶᠠᠮᠠᠷ   ᠪᠠᠶ᠋ᠢᠬᠤ   ᠪᠤᠢ  ï¼Ÿ
    ᠮᠥᠡᠭᠭᠡᠳᠦ᠋ᠬᠦᠷᠡᠩ᠄ ᠤᠳᠤᠬᠠᠨ᠎ᠤ ᠪᠠᠶ᠋ᠢᠳᠠᠯ᠎ᠠᠴᠠ ᠥᠵᠡᠬᠦ᠎ᠳᠤ᠂ ᠮᠠᠨ᠎ᠤ ᠤᠷᠤᠨ᠎ᠤ ᠤᠯᠠᠩᠭᠢ ᠭᠠᠵᠠᠷ ᠤᠷᠤᠨ ᠵᠠᠩᠬᠢᠶᠠᠳᠤ ᠪᠥᠭᠡ ᠪᠠᠷᠢᠯᠳᠤᠳᠠᠬ ᠪᠤᠯᠪᠠᠴᠤ ᠬᠥᠯᠤᠨ ᠪᠤᠶ᠋ᠢᠷ ᠬᠤᠳᠠ᠎ᠪᠠᠷ ᠲᠤᠯᠢᠶᠠᠳᠤ ᠪᠥᠭᠡ ᠪᠠᠷᠢᠯᠳᠤᠵᠥ ᠠᠯᠠᠱᠨ ᠠᠶ᠋ᠢᠮᠠᠬ ᠪᠠᠶᠠᠨᠨᠠᠭᠤᠷ ᠬᠤᠳᠠ ᠪᠠ ᠤᠷᠳᠤᠰ ᠬᠤᠳᠠ᠎ᠳᠤ ᠪᠠᠰᠠ ᠪᠥᠰᠡᠯᠡᠬᠦᠷ ᠪᠥᠬᠡ ᠱᠠᠯᠠᠪᠤᠷ ᠪᠥᠭᠡ ᠵᠡᠷᠭᠡ ᠭᠠᠵᠠᠷ ᠤᠷᠤᠨ᠎ᠤ ᠤᠨᠴᠠᠯᠢᠬᠳᠤ ᠪᠥᠬᠡ ᠪᠠᠷᠢᠯᠳᠤᠵᠥ ᠪᠠᠶ᠋ᠢᠳᠠᠬ᠃
    ᠰᠤᠷᠪᠤᠯᠵᠢᠯᠠᠬ᠍ᠴᠢ᠄ ᠮᠤᠩᠭᠤᠯ ᠪᠥᠬᠡ᠎ᠪᠠᠨ ᠵᠠᠯᠠᠭᠤᠴᠤᠤᠨ ᠪᠠᠭ᠋ᠠᠴᠤᠤᠨ᠎ᠲᠠᠭᠠᠨ ᠶᠠᠭ᠋ᠠᠬᠢᠵᠥ ᠤᠯᠠᠮᠵᠢᠯᠠᠨ ᠵᠤᠷᠢᠬ᠍ᠵᠢᠭᠤᠯᠵᠥ ᠪᠠᠶ᠋ᠢᠬᠤ ᠪᠢᠯᠠ?
    ᠮᠥᠡᠭᠭᠡᠳᠦ᠋ᠬᠦᠷᠡᠩ᠄ ᠤᠳᠤᠬᠠᠨ᠎ᠳᠤ ᠬᠤᠰᠢᠭᠤᠨ ᠨᠠᠶ᠋ᠢᠷ᠎ᠲᠤ ᠲᠡᠷᠢᠬᠦᠯᠡᠪᠡᠯ ᠬᠤᠰᠢᠭᠤᠨ᠎ᠤ ᠵᠠᠩᠭᠢᠶ᠎ᠠ ᠥᠭᠴᠤ᠂ ᠰᠤᠮᠤᠨ ᠨᠠᠶ᠋ᠢᠷ᠎ᠲᠤ ᠲᠡᠷᠢᠬᠦᠯᠡᠪᠡᠯ ᠰᠤᠮᠤᠨ᠎ᠤ ᠵᠠᠩᠭᠢᠶ᠎ᠠ ᠥᠭᠴᠤ ᠪᠠᠶ᠋ᠢᠳᠠᠬ᠂ ᠵᠠᠩᠭᠢᠶᠠᠳᠤ ᠪᠥᠬᠡᠴᠢᠳ᠎ᠠᠴᠠ ᠵᠠᠯᠠᠭᠤ ᠨᠢᠬᠡ ᠥᠶ᠎ᠠ ᠵᠢᠨ ᠪᠥᠬᠡᠴᠢᠨ ᠵᠶ᠋ᠠᠨ ᠵᠤᠷᠢᠬ᠍ᠵᠢᠭᠤᠯᠬᠤ ᠵᠢᠨ ᠲᠥᠯᠥᠭᠡ ᠲᠠᠷᠬᠠᠨ ᠪᠥᠬᠡ ᠵᠢᠨ ᠴᠤᠯᠠ ᠬᠠᠮᠠᠭ᠋ᠠᠯᠠᠬᠤ ᠥᠶᠡᠰ᠎ᠲᠡᠭᠡᠨ ᠵᠠᠩᠭᠢᠶ᠎ᠠ᠎ᠪᠠᠨ ᠥᠪᠡᠷ᠎ᠤᠨ ᠲᠤᠭᠤᠳᠠᠬ ᠵᠠᠯᠠᠭᠤ ᠪᠥᠬᠡᠴᠢᠨ᠎ᠳᠤ ᠤᠯᠠᠮᠵᠢᠯᠠᠵᠥ ᠥᠭᠴᠤ ᠪᠠᠶ᠋ᠢᠳᠠᠬ᠃
    ᠰᠤᠷᠪᠤᠯᠵᠢᠯᠠᠬ᠍ᠴᠢ᠄ ᠲᠠᠨ᠎ᠢ ᠪᠠᠰᠠ ᠶᠠᠳᠠᠭᠤ ᠬᠥᠴᠢᠷᠳᠠᠯᠳᠠᠢ á ­á ¡á · ᠪᠥᠯᠢ ᠵᠢᠨ ᠬᠡᠤᠬᠡᠳ᠎ᠢ ᠲᠤᠰᠠᠯᠠᠳᠠᠬ ᠬᠡᠵᠥ ᠰᠤᠨᠤᠰᠤᠬᠰᠠᠨ᠂ ᠡᠨᠡ ᠲᠠᠯ᠎ᠠ᠎ᠪᠠᠷ ᠲᠠᠨᠢᠯᠴᠠᠭᠤᠯᠤᠭ᠋ᠠᠳ ᠥᠭᠭᠦ ᠤᠤ?
    ᠮᠥᠡᠭᠭᠡᠳᠦ᠋ᠬᠦᠷᠡᠩ᠄ ᠶᠡᠷᠥ᠎ᠨᠢ ᠮᠤᠩᠭᠤᠯ ᠪᠥᠭᠡᠴᠢᠨ ᠪᠤᠯ á  á ·á  á ³ ᠲᠥᠮᠡᠨ᠎ᠤ ᠲᠤᠰᠠ᠎ᠪᠠᠷ ᠤᠷᠤᠰᠢᠨ ᠲᠤᠬᠳᠠᠨᠢᠵᠥ ᠬᠥᠭᠵᠢᠨ ᠮᠠᠨᠳᠤᠵᠥ ᠪᠠᠶ᠋ᠢᠳᠠᠬ ᠬᠡᠵᠥ ᠪᠢ ᠥᠵᠡᠳᠡᠭ᠃ ᠤᠴᠢᠷ᠎ᠨᠢ᠂ á  á ·á  á ³ ᠲᠥᠮᠡᠨ ᠪᠢᠳᠠᠨ᠎ᠳᠤ ᠨᠠᠶ᠋ᠢᠷ ᠬᠢᠵᠥ ᠥᠭᠬᠦ ᠥᠬᠡᠢ ᠪᠤᠯ ᠮᠠᠨ᠎ᠤ ᠪᠥᠭᠡᠴᠢᠨ᠎ᠤ ᠥᠢ᠍ᠯᠡᠰ᠎ᠤᠨ ᠰᠠᠭᠤᠷᠢ ᠪᠠᠳᠤᠯᠠᠭ᠎ᠠ ᠪᠠᠶ᠋ᠢᠬᠤ ᠥᠭᠡᠢ᠃ ᠡᠶ᠋ᠢᠮᠥ᠎ᠠᠴᠠ ᠪᠢ 2016 ᠤᠨ᠎ᠤ ᠬᠠᠪᠤᠷ᠎ᠠᠴᠠ ᠡᠬᠢᠯᠡᠨ ᠬᠠᠶ᠋ᠢᠷ᠎ᠠ ᠬᠠᠯᠠᠮᠵᠢ᠎ᠪᠠᠨ ᠶᠠᠳᠠᠭᠤ ᠬᠥᠴᠢᠷᠳᠠᠯᠳᠠᠢ ᠬᠡᠤᠬᠡᠳ᠎ᠲᠤ ᠥᠭᠬᠦ᠎ᠪᠠᠷ 《ᠭᠤᠪᠢ ᠵᠢᠨ ᠨᠠᠷᠠᠨ ᠬᠠᠶ᠋ᠢᠷ᠎ᠠ ᠬᠠᠯᠠᠮᠵᠢ ᠵᠢᠨ ᠥᠷᠥᠭᠡ》᠎ᠪᠠᠨ ᠪᠠᠶ᠋ᠢᠭᠤᠯᠵᠥ᠂ ᠬᠤᠰᠢᠭᠤᠨ᠎ᠳᠤ ᠰᠠᠭᠤᠭ᠎ᠠ ᠠᠪᠤ ᠡᠵᠢ᠎ᠨᠢ ᠨᠠᠰᠤ ᠪᠠᠷᠠᠬᠰᠠᠨ ᠬᠡᠤᠬᠡᠳ᠎ᠢ ᠴᠤᠬᠯᠠᠭᠤᠯᠤᠨ ᠲᠠᠰᠬᠠᠯ ᠲᠠᠭ᠋ᠠᠭ᠋ᠠᠯᠭ᠋ᠠᠪᠤᠷᠢ ᠵᠢ ᠬᠠᠪᠰᠤᠷᠤᠨ ᠬᠢᠵᠥ ᠥᠭᠬᠦ ᠪᠠ ᠶᠠᠳᠠᠭᠤ ᠬᠥᠴᠢᠷᠳᠠᠯᠳᠠᠢ ᠠᠶ᠋ᠢᠯ ᠡᠷᠥᠭᠡ ᠵᠢᠨ ᠬᠡᠤᠬᠡᠳ᠎ᠢ ᠬᠠᠪᠰᠤᠷᠤᠨ ᠲᠡᠮᠵᠢᠭᠰᠡᠨ ᠶᠤᠮ᠃ ᠡᠮᠥᠨᠡᠬᠡᠨ ᠤᠯᠠᠭ᠋ᠠᠨᠬᠠᠳᠠ ᠬᠤᠳᠠ᠎ᠳᠤ ᠬᠥᠴᠤᠨ᠎ᠤ ᠠᠵᠢᠯ ᠬᠢᠵᠥ ᠪᠠᠶ᠋ᠢᠭ᠎ᠠ ᠨᠢᠬᠡᠨ á ­á ¡á · ᠪᠥᠯᠢ ᠵᠢᠨ 15 ᠨᠠᠰᠤᠳᠠᠢ ᠭᠡᠤᠭᠡᠨ᠎ᠨᠢ ᠶᠠᠰᠤᠨ᠎ᠤ ᠰᠥᠷᠢᠶ᠎ᠠ ᠡᠪᠡᠳᠴᠢᠨ᠎ᠳᠤ ᠨᠡᠷᠪᠡᠭᠳᠡᠭᠰᠡᠨ᠎ᠢ ᠰᠤᠨᠤᠰᠤᠭ᠋ᠠᠳ ᠪᠢᠳᠠ ᠪᠠᠷᠢᠨ ᠪᠡᠯᠡ ᠮᠥᠡᠭᠭᠦ ᠴᠤᠬᠯᠠᠭᠤᠯᠤᠨ ᠬᠠᠪᠰᠤᠷᠤᠬᠰᠠᠨ ᠶᠤᠮ᠃
    ᠰᠤᠷᠪᠤᠯᠵᠢᠯᠠᠬ᠍ᠴᠢ᠄ ᠬᠠᠶ᠋ᠢᠷ᠎ᠠ ᠬᠠᠨᠳᠢᠪ᠎ᠤᠨ ᠪᠡᠯᠡ ᠮᠥᠡᠭᠭᠦ ᠵᠢ ᠬᠡᠷᠬᠢᠨ ᠴᠤᠬᠯᠠᠭᠤᠯᠵᠥ ᠪᠠᠶ᠋ᠢᠬᠤ ᠪᠤᠢ?
    ᠮᠥᠡᠭᠭᠡᠳᠦ᠋ᠬᠦᠷᠡᠩ᠄ á ­á  á ­á ´á   ᠬᠥᠮᠥᠨ᠎ᠤ ᠴᠢᠳᠠᠯ ᠬᠡᠳᠤᠢ á ¶á ¡á ­á ¡ ᠪᠤᠯᠪᠠᠴᠤ ᠵᠤᠭᠤᠰ ᠮᠥᠡᠭᠭᠦ ᠵᠢ ᠴᠤᠬᠯᠠᠭᠤᠯᠬᠤ ᠲᠠᠯ᠎ᠠ᠎ᠪᠠᠷ ᠬᠠᠮᠳᠤ ᠵᠢᠨ ᠬᠥᠴᠥᠨ᠎ᠢ ᠬᠥᠷᠬᠦ ᠥᠬᠡᠢ ᠪᠠᠶ᠋ᠢᠳᠠᠬ᠃ ᠴᠤᠬᠯᠠᠭᠤᠯᠬᠤ ᠲᠠᠯ᠎ᠠ᠎ᠪᠠᠷ ᠤᠯᠠᠨ ᠬᠥᠮᠥᠨ᠎ᠢ ᠲᠥᠰᠢᠭᠯᠡᠬᠦ ᠪᠠ ᠰᠥᠯᠵᠢᠶᠠᠨ᠎ᠤ ᠰᠢᠭᠤᠳ ᠨᠡᠪᠳᠡᠷᠡᠭᠦᠯᠭᠡ᠎ᠪᠠᠷ ᠲᠠᠮᠵᠢᠭᠤᠯᠤᠨ ᠮᠤᠩᠭᠤᠯᠴᠤᠳ ᠵᠶ᠋ᠠᠨ ᠤᠷᠢᠶᠠᠯᠠᠨ ᠬᠠᠶ᠋ᠢᠷ᠎ᠠ ᠬᠠᠨᠳᠢᠪ᠎ᠤᠨ ᠰᠡᠳᠬᠢᠯᠬᠡ᠎ᠪᠠᠨ ᠢᠯᠡᠳᠭᠡᠭᠦ ᠵᠢ ᠬᠥᠰᠡᠬᠦ ᠵᠢᠨ ᠬᠠᠮᠳᠤ ᠬᠠᠶ᠋ᠢᠷ᠎ᠠ ᠬᠠᠨᠳᠢᠪ᠎ᠤᠨ ᠵᠦᠢ᠍ᠯᠡᠰ᠎ᠢ ᠴᠤᠬᠯᠠᠭᠤᠯᠵᠥ ᠪᠠᠶ᠋ᠢᠳᠠᠬ᠃
    ᠰᠤᠷᠪᠤᠯᠵᠢᠯᠠᠬ᠍ᠴᠢ᠄ ᠲᠠᠨ᠎ᠤ ᠬᠠᠶ᠋ᠢᠷ᠎ᠠ ᠬᠠᠨᠳᠢᠪ᠎ᠤᠨ ᠬᠡᠰᠢᠬᠦᠳ ᠤᠯᠠᠨ ᠪᠤᠯᠤᠬᠰᠠᠨ ᠤᠤ?
    ᠮᠥᠡᠭᠭᠡᠳᠦ᠋ᠬᠦᠷᠡᠩ᠄ ᠤᠳᠤ ᠮᠠᠨ ᠬᠠᠶ᠋ᠢᠷ᠎ᠠ ᠬᠠᠨᠳᠢᠪ ᠵᠶ᠋ᠠᠨ ᠡᠷᠬᠦᠬᠦ ᠪᠥᠯᠬᠦᠮ᠎ᠤᠨ ᠬᠥᠮᠥᠨ᠎ᠤ ᠲᠤᠭ᠎ᠠ 2000 ᠭᠠᠷᠤᠢ ᠪᠤᠯᠵᠥ ᠪᠤᠢ᠃ ᠬᠡᠪᠡᠴᠤ ᠲᠠᠳᠠᠨᠠᠷ ᠪᠤᠯ ᠲᠡᠶ᠋ᠢᠮᠥ á ¶á ¡á ­á ¡ ᠵᠤᠭᠤᠰ ᠮᠥᠡᠭᠭᠦ᠎ᠲᠠᠢ ᠬᠥᠮᠥᠰ ᠪᠢᠰᠢ᠂ ᠵᠤᠭᠤᠰ ᠮᠥᠡᠭᠭᠦ ᠨᠢᠮᠬᠡᠨ ᠪᠤᠯᠪᠠᠴᠤ ᠬᠠᠶ᠋ᠢᠷ᠎ᠠ ᠬᠠᠯᠠᠮᠵᠢ ᠵᠢᠨ ᠰᠡᠳᠬᠢᠯᠭᠡ᠎ᠪᠠᠷ ᠵᠤᠵᠠᠭ᠋ᠠᠨ ᠬᠥᠮᠥᠰ ᠪᠤᠯᠬᠤ ᠶᠤᠮ᠃
    ᠰᠤᠷᠪᠤᠯᠵᠢᠯᠠᠬ᠍ᠴᠢ᠄ ᠡᠨᠡ ᠵᠤᠨ ᠤᠯᠠᠨ ᠨᠠᠶ᠋ᠢᠷ ᠨᠠᠭ᠋ᠠᠳᠤᠮ᠎ᠳᠤ ᠤᠷᠤᠯᠴᠠᠬᠰᠠᠨ ᠤᠤ?
    ᠮᠥᠡᠭᠭᠡᠳᠦ᠋ᠬᠦᠷᠡᠩ᠄ ᠡᠨᠡ ᠵᠤᠨ ᠮᠠᠨ᠎ᠤ ᠥᠢ᠍ᠷ᠎ᠠ ᠬᠠᠪᠢ ᠵᠢᠨ ᠭᠠᠵᠠᠷ ᠤᠷᠤᠨ ᠨᠤᠳᠤᠬ ᠤᠰᠤ᠎ᠪᠠᠨ ᠪᠠᠶᠠᠷᠯᠠᠭᠤᠯᠬᠤ   ᠡᠬᠦᠳᠡᠨ᠎ᠠᠴᠠ   ᠬᠤᠪᠢ ᠬᠥᠮᠥᠨ á Žá ¤   ᠲᠠᠯ᠎ᠠ á Žá  á ´á     ᠠᠭᠤᠯᠭ᠎ᠠ ᠎ᠪᠠᠷ   ᠪᠠᠶᠠᠯᠢᠬ   ᠨᠠᠶ᠋ᠢᠷ ᠨᠠᠭ᠋ᠠᠳᠤᠮ᠎ᠢ ᠤᠯᠠᠨ   ᠶᠠᠪᠤᠬᠳᠠᠭᠤᠯᠤᠬᠰᠠᠨ ᠶᠤᠮ᠃ ᠵᠤᠨ á Žá ¤   ᠭᠤᠷᠪᠠᠨ   á °á  á ·á Žá   ᠎ᠳᠤ   ᠪᠠᠷᠤᠬ   ᠡᠳᠤᠷ   ᠪᠤᠯᠭ᠋ᠠᠨ   ᠪᠥᠬᠡ   ᠪᠡᠷᠢᠯᠳᠤᠬᠰᠠᠨ   ᠪᠠᠶ᠋ᠢᠨ᠎ᠠ᠃
    ᠰᠤᠷᠪᠤᠯᠵᠢᠯᠠᠬ᠍ᠴᠢ᠄ ᠡᠪᠤᠯ᠎ᠤᠨ ᠪᠡᠯᠡᠳᠭᠡᠯ ᠵᠶ᠋ᠠᠨ ᠬᠡᠵᠢᠶ᠎ᠠ ᠡᠬᠢᠯᠡᠳᠡᠭ ᠪᠤᠢ?
    ᠮᠥᠡᠭᠭᠡᠳᠦ᠋ᠬᠦᠷᠡᠩ᠄ 11 á °á  á ·á Žá  á Žá  á ´á   ᠡᠬᠢᠯᠡᠨ ᠡᠪᠤᠯ᠎ᠤᠨ ᠪᠡᠯᠡᠳᠭᠡᠯ ᠵᠶ᠋ᠠᠨ á °á ¢ ᠠᠨ᠎ᠳᠤ ᠤᠴᠢᠵᠥ ᠪᠤᠯᠪᠠᠰᠤᠷᠠᠯ ᠵᠶ᠋ᠠᠨ ᠬᠢᠬᠦ ᠪᠤᠯᠬᠤᠷ ᠪᠠᠭᠰᠢ ᠵᠢᠨ ᠵᠠᠬᠢᠶ᠎ᠠ ᠰᠤᠷᠭ᠋ᠠᠯ᠎ᠢ ᠰᠤᠨᠤᠰᠤᠨ᠎ᠠ᠃
    ᠰᠤᠷᠪᠤᠯᠵᠢᠯᠠᠬ᠍ᠴᠢ᠄ ᠲᠠ ᠮᠤᠩᠭᠤᠯ ᠪᠥᠬᠡ᠎ᠪᠠᠨ ᠬᠠᠶ᠋ᠢᠷᠠᠯᠠᠨ ᠪᠠᠷᠢᠯᠳᠤᠳᠠᠬ᠎ᠤᠨ ᠤᠴᠢᠷ?
    ᠮᠥᠡᠭᠭᠡᠳᠦ᠋ᠬᠦᠷᠡᠩ᠄ ᠮᠤᠩᠭᠤᠯ ᠪᠥᠬᠡ᠎ᠪᠠᠨ ᠰᠠᠶ᠋ᠢᠳᠤᠷ ᠪᠠᠷᠢᠯᠳᠤᠨ ᠮᠤᠩᠭᠤᠯ ᠰᠤᠶᠤᠯ ᠵᠶ᠋ᠠᠨ ᠨᠠᠩ ᠤᠯᠠᠨ ᠬᠥᠮᠥᠨ᠎ᠳᠤ ᠲᠠᠨᠢᠭᠤᠯᠤᠨ ᠮᠤᠩᠭᠤᠯ ᠪᠥᠬᠡ᠎ᠪᠠᠷ ᠵᠶ᠋ᠠᠨ ᠨᠠᠩ ᠤᠯᠠᠨ᠎ᠲᠠᠢ ᠲᠠᠨᠢᠯᠴᠠᠨ ᠨᠠᠩ ᠤᠯᠠᠨ ᠬᠥᠮᠥᠰ᠎ᠲᠠᠢ ᠨᠠᠶ᠋ᠢᠵᠠᠯᠠᠨ ᠨᠥᠬᠦᠷᠯᠡᠵᠥ ᠶᠠᠪᠤᠬᠤ ᠵᠢ ᠪᠤᠳᠤᠵᠥ ᠪᠠᠶ᠋ᠢᠨ᠎ᠠ᠃
    ᠰᠤᠷᠪᠤᠯᠵᠢᠯᠠᠬ᠍ᠴᠢ᠄ ᠵᠠᠯᠠᠭᠤ ᠪᠥᠬᠡᠴᠢᠨ᠎ᠤ ᠲᠤᠬᠠᠢ ᠶᠠᠷᠢᠮᠠᠷ ᠵᠦᠢ᠍ᠯ á ¶á  á ­á ¤ ᠪᠠᠶ᠋ᠢᠨ᠎ᠠ?
    ᠮᠥᠡᠭᠭᠡᠳᠦ᠋ᠬᠦᠷᠡᠩ᠄ ᠮᠤᠩᠭᠤᠯ ᠪᠥᠬᠡᠴᠢᠨ ᠤᠯᠠᠨ᠂ ᠬᠡᠪᠡᠴᠤ ᠵᠠᠯᠠᠭᠤ ᠪᠥᠬᠡᠴᠢᠳ ᠨᠢᠬᠡᠳᠤᠯᠳᠠᠢ ᠪᠤᠯᠪᠠᠰᠤᠷᠠᠯ ᠬᠢᠵᠥ ᠪᠠᠶ᠋ᠢᠭ᠎ᠠ ᠥᠬᠡᠢ᠃ á  á ·á ¤ ᠭᠡᠷ᠎ᠤᠨ ᠠᠮᠢᠳᠤᠷᠠᠯ ᠵᠶ᠋ᠠᠨ ᠲᠦᠪᠬᠢᠨᠠᠬᠦᠯᠬᠦ ᠵᠢᠨ ᠲᠠᠭ᠋ᠠᠤ ᠤᠷᠤᠯᠳᠤᠭ᠋ᠠᠨ᠎ᠳᠤ ᠤᠷᠤᠯᠴᠠᠵᠥ ᠪᠠᠶ᠋ᠢᠨ᠎ᠠ᠃ á  á ·á ¤ ᠬᠤᠷᠴᠢᠨ ᠬᠤᠰᠢᠭᠤ᠎ᠪᠠᠷ ᠠᠪᠴᠤ ᠬᠡᠯᠡᠬᠦ᠎ᠳᠤ ᠪᠠᠯᠴᠢᠷᠤᠳ ᠨᠤᠳᠤᠬ᠎ᠲᠠᠢ ᠪᠠᠶᠠᠰᠬᠤᠯᠠᠩ᠂ ᠵᠢᠭ᠋ᠠᠰᠤᠳᠠᠢ ᠨᠤᠳᠤᠬ᠎ᠲᠠᠢ ᠠᠮᠢᠨᠪᠦ᠋ᠭᠡ ᠵᠡᠷᠭᠡ ᠪᠡᠶ᠎ᠠ ᠪᠢᠯᠳᠠᠷ ᠰᠠᠶ᠋ᠢᠳᠠᠢ ᠪᠥᠬᠡ᠎ᠳᠤ ᠪᠠᠭ᠍ᠠᠳᠠᠢ ᠵᠠᠯᠠᠭᠤᠴᠤᠳ ᠢᠯᠡᠷᠡᠵᠥ ᠪᠠᠶ᠋ᠢᠨ᠎ᠠ᠃ ᠲᠡᠳᠠᠨᠠᠷ ᠰᠠᠶ᠋ᠢᠨ ᠴᠢᠷᠮᠠᠶ᠋ᠢᠪᠠᠯ ᠪᠥᠷ ᠴᠤᠯᠭᠤᠷᠠᠨ ᠭᠠᠷᠬᠤ ᠪᠤᠯᠤᠯᠴᠠᠭ᠎ᠠ᠎ᠲᠠᠢ᠃ ᠮᠤᠩᠭᠤᠯ ᠪᠥᠬᠡ ᠵᠢ ᠠᠩᠬᠠᠷᠬᠤ ᠬᠥᠮᠥᠰ ᠨᠠᠩ ᠤᠯᠠᠨ ᠪᠤᠯᠤᠬᠰᠠᠨ᠎ᠤ ᠬᠤᠶ᠋ᠢᠨ᠎ᠠ ᠵᠠᠯᠠᠭᠤ ᠪᠥᠬᠡᠴᠢᠳ ᠬᠠᠮᠳᠤ᠎ᠪᠠᠷ ᠴᠢᠷᠮᠠᠶ᠋ᠢᠵᠥ ᠯᠠ ᠪᠠᠶ᠋ᠢᠪᠠᠯ ᠯᠠᠪᠳᠠᠢ ᠪᠥᠬᠦᠳᠡᠭᠡᠷ ᠨᠢᠬᠡᠳᠴᠤ ᠢᠷᠡᠨ᠎ᠠ ᠬᠡᠳᠡᠭ᠎ᠢ ᠪᠠᠳᠤ ᠢᠳᠡᠭᠡᠵᠥ ᠪᠠᠶ᠋ᠢᠨ᠎ᠠ᠃
    ᠰᠤᠷᠪᠤᠯᠵᠢᠯᠠᠬ᠍ᠴᠢ᠄ ᠪᠠᠶᠠᠷᠯᠠᠯ᠎ᠠ!

ᠢᠷᠡᠯᠲᠡ᠄ ᠦᠪᠦᠷ ᠮᠤᠩᠭᠤᠯ᠎ᠤᠨ ᠡᠳᠦᠷ᠎ᠤᠨ ᠰᠤᠨᠢᠨ
          
ᠬᠠᠮᠢᠶ᠎ᠡ ᠪᠦᠬᠦᠢ ᠰᠣᠨᠢᠨ
《ᠦᠪᠡᠷ᠎ᠢ᠎ᠪᠠᠨ ᠲᠠᠰᠤᠷᠠᠯ ᠦᠭᠡᠢ ᠲᠠᠪᠳᠠᠨ ᠲᠡᠭᠦᠯᠳᠡᠷᠵᠢᠭᠦᠯᠵᠦ ᠲᠤᠤᠺᠢᠤ᠋ ᠵᠢᠨ ᠤᠯᠢᠮᠫᠢᠺ᠎ᠳᠤ ᠬᠠᠷᠠᠮᠰᠡᠯ ᠦᠯᠡᠳᠡᠭᠡᠭᠦ ᠦᠭᠡᠢ》
ᠴᠢᠯᠦᠬᠡᠲᠦ ᠪᠦᠬᠡ ᠵᠢᠨ ᠤᠯᠤᠰ᠎ᠤᠨ ᠠᠪᠤᠷᠭᠤ ᠠᠯᠳᠠᠨ ᠪᠦᠰᠠ ᠵᠢᠨ ᠡᠵᠡᠨ ᠪᠤᠳᠢᠵᠠᠪ ᠮᠦᠨᠭᠬᠡᠵᠠᠭ᠋ᠠᠨ ᠬᠤᠶᠠᠷ
ᠵᠠᠯᠠᠭᠤ ᠪᠦᠬᠡᠴᠢᠨ ᠰᠦᠮᠪᠤᠷ
ᠪᠦᠬᠡ ᠵᠢᠨ ᠲᠡᠪᠵᠢᠶᠠᠨ᠎ᠤ ᠤᠲᠤᠨ — ᠳ᠋ᠠᠷᠬᠢᠵᠠᠪ
ᠪᠦᠬᠡ ᠵᠢᠨ ᠦᠢ᠍ᠯᠡᠰ᠎ᠲᠤ ᠦᠨᠠᠨᠴᠢ ᠵᠢᠳᠬᠦᠭᠴᠢ
 
            