ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠰᠤᠷᠪᠤᠯᠵᠢᠯᠠᠭ᠎ᠠ
ᠤᠯᠤᠰ᠎ᠤᠨ ᠠᠪᠤᠷᠭᠤ ᠴᠠᠭ᠋ᠠᠨᠵᠠᠭ᠋ᠠᠨ᠄ 《ᠮᠤᠩᠭᠤᠯ ᠪᠦᠬᠡ ᠶᠡᠬᠡ ᠬᠥᠭᠵᠢᠵᠠᠢ ᠤᠳᠤ ᠳᠦᠷᠢᠮᠵᠢᠯ ᠱᠠᠭ᠋ᠠᠷᠳᠠᠵᠤ ᠪᠠᠢ᠌ᠨ᠎ᠠ》
ᠨᠡᠶ᠋ᠢᠲᠡᠯᠡᠭᠰᠡᠨ ᠴᠠᠭ᠄ 2018-12-28

 

    ᠪᠦᠬᠡ ᠵᠢᠨ ᠰᠤᠶᠤᠯ᠂ ᠪᠦᠬᠡ ᠵᠢᠨ ᠦᠢ᠍ᠯᠡᠰ á ­á ¡á ³ ᠶᠠᠷᠢᠭ᠋ᠠᠳ ᠢᠷᠡᠬᠦᠯᠡᠷ᠂ ᠤᠯᠤᠰ᠎ᠤᠨ ᠠᠪᠤᠷᠭᠤ ᠪᠦᠬᠡ ᠴᠠᠭ᠋ᠠᠨᠵᠠᠭ᠋ᠠᠨ ᠤᠷᠮ᠎ᠠ ᠬᠦᠭᠵᠢᠨᠭᠭᠦᠢ ᠰᠡᠳᠭᠢᠯ ᠲᠤᠭᠲᠤᠯᠤᠨᠭ᠌ᠭᠤᠢ᠃ 10 ᠳ᠋ᠤᠭ᠋ᠠᠷ á °á  á ·á Žá   ᠵᠢᠨ 17á Žá ¤ ᠦᠳᠡ ᠵᠢᠨ ᠬᠤᠢ᠍ᠢ᠍ᠨ᠎ᠠ ᠪᠢᠳᠠ ᠰᠢᠯᠢ ᠵᠢᠨ ᠬᠤᠲᠠ᠎ᠳᠤ ᠰᠠᠶᠢᠬᠠᠨ ᠭᠠᠳᠠᠭᠰᠢ ᠶᠠᠪᠤᠭ᠋ᠠᠳ ᠬᠠᠷᠢᠵᠤ ᠢᠷᠡᠭᠰᠡᠡ ᠪᠦᠭᠡᠳ ᠪᠠᠰᠠ ᠪᠡᠶ᠎ᠡ ᠠᠨᠠᠢ ᠪᠠᠢ᠍ᠢ᠍ᠭ᠎ᠠ ᠭᠡᠵᠤ ᠰᠤᠨᠤᠰᠤᠭᠰᠠᠠ ᠲᠡᠭᠦᠨ᠎ᠲᠠᠢ ᠨᠢᠭᠡ ᠯᠠ á ´á  á ­ ᠴᠤ᠌ á ­á ¡á °á ¡á ¨ ᠪᠤᠯᠤᠨ᠎ᠠ ᠭᠡᠮᠡᠨ ᠪᠤᠯᠵᠤᠨ ᠠᠭᠤᠯᠵᠠᠨ ᠶᠠᠷᠢᠯᠴᠠᠭ᠋ᠠᠳ ᠪᠦᠲᠦᠨ ᠨᠢᠬᠡ ᠦᠳᠡ ᠵᠢᠨ ᠬᠤᠢ᠍ᠢ᠍ᠨ᠎ᠠ ᠶᠠᠷᠢᠯᠴᠠᠴᠢᠬᠠᠭᠰᠠᠠ ᠪᠠᠢ᠍ᠢ᠍ᠵᠤ᠂ ᠠᠪᠤᠷᠭᠤ ᠪᠦᠬᠡ ᠮᠠᠨᠢ ᠮᠠᠨ᠎ᠳᠤ ᠠᠱ᠌ᠢᠬᠦᠢ ᠶᠡᠬᠡ ᠤᠷᠮ᠎ᠠ ᠬᠠᠢ᠍ᠢ᠍ᠷᠠᠯᠠᠴᠢᠬᠠᠭᠰᠠᠠ ᠪᠠᠢ᠍ᠢ᠍ᠯ᠎ᠠ᠃

    ᠴᠠᠭ᠋ᠠᠨᠵᠠᠭ᠋ᠠᠨ ᠭᠡᠵᠤ ᠳᠠᠷᠠᠭ᠋ᠠᠯᠠᠨ ᠠᠷᠪᠠᠨ ᠭᠤᠷᠪᠠᠨ ᠵᠢᠯ ᠭᠠᠵᠠᠷ ᠰᠢᠷᠤᠢ᠍ᠢ᠍ᠳᠠᠭ᠎ᠠ ᠦᠭᠡᠢ ᠪᠠᠷᠢᠯᠳᠤᠵᠤ ᠶᠠᠪᠤᠭᠰᠠᠠ ᠪᠤᠰᠤᠭ᠎ᠠ ᠪᠦᠬᠡ᠂ ᠮᠤᠨᠭ᠌ᠭᠤᠯ ᠲᠦᠮᠡᠨ᠎ᠤ᠎ᠪᠠᠨ ᠬᠠᠢ᠍ᠢ᠍ᠷ᠎ᠠ ᠪᠠᠬᠠᠷᠬᠠᠯ᠎ᠢ ᠤᠯᠤᠭᠰᠠᠠ ᠨᠡᠷᠡᠲᠦ ᠠᠪᠤᠷᠭᠤ ᠪᠦᠬᠡ᠃ ᠬᠡᠳᠦᠢ᠍ᠢ᠍ᠪᠡᠷ ᠠᠷᠪᠠᠨ ᠵᠢᠷᠭᠤᠭ᠋ᠠᠨ ᠵᠢᠯ᠎ᠤᠨ ᠡᠮᠦᠨ᠎ᠡ ᠬᠤᠳᠤᠭᠤᠳᠤᠨ ᠦᠮᠡᠨ ᠵᠶ᠋ᠠᠷ ᠮᠡᠰᠡ ᠵᠠᠰᠠᠯ ᠬᠢᠵᠤ ᠬᠤᠳᠤᠭᠤᠳᠤ ᠵᠢᠨ ᠵᠶ᠋ᠠᠨ ᠬᠠᠭ᠋ᠠᠰ᠎ᠢ ᠠᠪᠤᠭᠤᠯᠤᠭᠰᠠᠠ ᠭᠡᠳᠡᠭ ᠴᠤ᠌᠂ ᠲᠡᠭᠰᠢ ᠰᠠᠢ᠍ᠢ᠍ᠬᠠᠨ ᠵᠶ᠋ᠠᠷ ᠵᠶ᠋ᠠᠨ ᠪᠠᠢ᠍ᠢ᠍ᠭ᠎ᠠ 190 ᠰᠡᠨᠲ᠋ᠢᠮᠸᠲᠷ᠎ᠤᠨ ᠦᠨᠳᠦᠷ ᠰᠦᠷᠯᠢᠭ ᠪᠡᠶ᠎ᠡ ᠭᠠᠯᠪᠢᠷ᠂ ᠵᠤᠷᠪᠤᠢ᠍ᠢ᠍ᠭᠰᠠᠠ ᠰᠠᠢ᠍ᠢ᠍ᠬᠠᠨ ᠬᠠᠷ᠎ᠠ ᠰᠠᠬᠠᠯ᠂ ᠴᠤᠭ ᠵᠤᠯᠢ ᠪᠠᠳᠠᠷᠠᠨᠭ᠌ᠭᠤᠢ ᠨᠢᠭᠤᠷ ᠳᠦᠷᠭᠦ᠎ᠠᠴᠠ᠎ᠨᠢ ᠢᠳᠡ ᠬᠦᠭ᠎ᠲᠠᠢ ᠪᠠᠷᠢᠯᠳᠤᠵᠤ ᠪᠠᠢ᠍ᠢ᠍ᠭᠰᠠᠠ ᠲᠡᠷᠡ ᠦᠶ᠎ᠡ ᠵᠢᠨ ᠬᠢᠨᠢ ᠤᠮᠤᠭᠯᠠᠩ ᠵᠢᠪᠬᠤᠭ᠎ᠠ ᠳᠦᠷᠢ ᠪᠠᠢ᠍ᠢ᠍ᠳᠠᠯ ᠮᠦᠢ᠍ᠨ ᠬᠠᠷᠠᠭᠳᠠᠨ᠎ᠠ᠃ ᠤᠳᠤ ᠪᠤᠯ ᠲᠡᠷᠡ ᠡᠪᠦᠭᠡᠨ ᠪᠦᠬᠡ ᠵᠢᠨ ᠪᠠᠷᠢᠯᠳᠤᠭ᠋ᠠᠨ ᠪᠠᠢ᠍ᠢ᠍ᠪᠠᠯ ᠤᠷᠤᠵᠤ᠂ ᠨᠢᠳᠤᠨᠤᠨ ᠵᠡᠭᠦᠨ ᠦᠵᠦᠮᠦᠴᠢᠨ᠎ᠤ ᠡᠪᠦᠭᠡᠨ ᠪᠦᠬᠡ᠎ᠳᠤ ᠲᠡᠷᠢᠬᠦᠯᠡᠭᠰᠡᠡ ᠭᠡᠳᠡᠭ᠃ ᠵᠡᠭᠦᠨ ᠦᠵᠦᠮᠦᠴᠢᠨ ᠬᠤᠰᠢᠭᠤᠨ᠎ᠤ ᠡᠵᠢᠨᠠᠭᠤᠷ ᠰᠤᠮᠤᠨ᠎ᠳᠤ ᠦᠰᠴᠤ ᠲᠦᠷᠦᠭᠰᠡᠡ ᠲᠡᠷᠡ᠎ᠪᠠᠷ 《ᠪᠦᠬᠡ ᠵᠢᠨ ᠨᠤᠲᠤᠭ》᠎ᠤᠨ ᠵᠶ᠋ᠠᠨ ᠵᠤᠯᠪᠤᠭ᠎ᠠ ᠵᠢ ᠡᠷᠭᠦᠵᠤ ᠵᠠᠯᠠᠭᠤ ᠪᠠᠭ᠎ᠠ ᠦᠶ᠎ᠡ᠎ᠠᠴᠠ᠎ᠪᠠᠨ ᠪᠠᠷᠢᠯᠳᠤᠵᠤ ᠨᠤᠴᠤᠯᠳᠤᠵᠤ ᠶᠠᠪᠤᠵᠤ᠂ 1981 ᠤᠨ᠎ᠳᠤ ᠰᠢᠯᠢ ᠵᠢᠨ ᠭᠤᠤᠯ ᠠᠢ᠍ᠢ᠍ᠮᠠᠭ᠎ᠤᠨ ᠪᠦᠬᠡ ᠵᠢᠨ ᠠᠨᠭ᠌ᠭᠢ ᠪᠠᠢ᠍ᠢ᠍ᠭᠤᠯᠤᠭᠳᠠᠬᠤ᠎ᠳᠤ ᠤᠷᠤᠵᠤ ᠪᠤᠯᠪᠠᠰᠤᠷᠠᠨ᠂ ᠰᠤᠷᠢᠭ᠎ᠠ ᠪᠤᠯᠪᠠᠰᠤᠷᠠᠯ ᠵᠶ᠋ᠠᠷ ᠳᠠᠮᠵᠢᠨ 15 ᠬᠦᠮᠦᠨ᠎ᠤ ᠬᠠᠮᠲᠦ ᠵᠢᠨᠭᠬᠢᠨᠢ ᠪᠦᠬᠡ ᠪᠤᠯᠵᠤ ᠡᠯᠰᠡᠭᠳᠡᠪᠡ᠃ ᠡᠭᠦᠨ᠎ᠠᠴᠠ ᠡᠬᠢᠯᠡᠨ ᠲᠡᠷᠡ ᠤᠷᠤᠨ᠎ᠤ ᠤᠷᠤᠯᠳᠤᠭ᠋ᠠᠨ᠂ ᠤᠯᠤᠰ᠎ᠤᠨ ᠤᠷᠤᠯᠳᠤᠭ᠋ᠠᠨ᠎ᠳᠤ ᠤᠯᠠᠨᠲᠠ ᠤᠷᠤᠯᠴᠠᠨ ᠶᠠᠪᠤᠵᠤ᠂ á ¶á ¡á ·á ¡á ­á ¡á ³ ᠤᠨ ᠪᠤᠯᠲᠠᠯ᠎ᠠ ᠢᠳᠡ ᠰᠠᠢ᠍ᠢ᠍ᠲᠠᠢ ᠪᠠᠷᠢᠯᠳᠤᠵᠤ ᠶᠠᠪᠤᠭᠰᠠᠠ ᠬᠤᠭᠤᠴᠠᠭ᠋ᠠᠨ᠎ᠳᠠᠭᠠᠨ ᠤᠯᠤᠰ᠎ᠤᠨ ᠳᠡᠰ᠎ᠤᠨ ᠤᠷᠤᠯᠳᠤᠭ᠋ᠠᠨ᠎ᠳᠤ 15 ᠤᠳᠠᠭ᠎ᠠ ᠲᠡᠷᠢᠭᠦᠯᠡᠵᠤ᠂ 13 ᠵᠢᠯ ᠳᠠᠷᠠᠭ᠋ᠠᠯᠠᠨ ᠭᠠᠵᠠᠷ ᠰᠢᠷᠤᠢ᠍ᠢ᠍ᠲᠠᠭᠰᠠᠠ ᠦᠬᠡᠢ ᠭᠠᠢ᠍ᠢ᠍ᠬᠠᠮᠰᠢᠭ᠎ᠢ ᠡᠭᠦᠳᠴᠡᠢ᠃ 1988 ᠤᠨ᠎ᠠᠴᠠ ᠲᠡᠷᠡ ᠰᠢᠯᠢ ᠵᠢᠨ ᠭᠤᠤᠯ ᠠᠢ᠍ᠢ᠍ᠮᠠᠭ᠎ᠤᠨ ᠪᠦᠬᠡ ᠵᠢᠨ ᠠᠨᠭ᠌ᠭᠢ ᠵᠢᠨ ᠳᠡᠳ᠋ ᠳᠠᠷᠤᠭ᠎ᠠ ᠪᠤᠯᠵᠤ ᠪᠦᠬᠡ ᠵᠢᠨ ᠰᠤᠷᠢᠭ᠎ᠠ ᠪᠤᠯᠪᠠᠰᠤᠷᠠᠯ᠎ᠢ ᠬᠠᠮᠢᠶᠠᠷᠴᠤ᠂ á ¶á ¡á ·á ¡á ­á ¡á ³ ᠤᠨ᠎ᠳᠤ ᠰᠢᠯᠢ ᠵᠢᠨ ᠭᠤᠤᠯ ᠠᠢ᠍ᠢ᠍ᠮᠠᠭ᠎ᠤᠨ ᠪᠦᠬᠡ ᠵᠢᠨ ᠨᠡᠢ᠍ᠢ᠍ᠭᠡᠮᠯᠢᠭ ᠪᠠᠢ᠍ᠢ᠍ᠭᠤᠯᠤᠭᠳᠠᠬᠤ᠎ᠳᠤ ᠨᠡᠢ᠍ᠢ᠍ᠭᠡᠮᠯᠢᠭ᠎ᠤᠨ ᠳᠡᠳ᠋ ᠳᠠᠷᠤᠭ᠎ᠠ ᠪᠤᠯᠤᠭ᠋ᠠᠳ ᠤᠳᠤ ᠬᠦᠷᠴᠤ ᠪᠠᠢ᠍ᠢ᠍ᠨ᠎ᠠ᠃    

    ᠳᠤᠮᠳᠠᠳᠤ ᠮᠠᠶᠢᠭ᠎ᠤᠨ ᠪᠦᠬᠡ᠎ᠪᠠᠷ ᠭᠤᠤᠯᠯᠠᠨ ᠪᠠᠷᠢᠯᠳᠤᠵᠤ ᠪᠠᠢ᠍ᠢ᠍ᠭᠰᠠᠠ ᠪᠤᠯᠬᠤᠷ ᠲᠡᠷᠡ ᠤᠷᠤᠯᠳᠤᠭ᠋ᠠᠨ ᠪᠤᠯᠬᠤ ᠪᠦᠷᠢ ᠪᠡᠶ᠎ᠡ ᠵᠢᠨ ᠬᠦᠨᠳᠦ᠎ᠪᠠᠨ ᠵᠤᠬᠢᠴᠠᠭᠤᠯᠬᠤ ᠭᠡᠵᠤ ᠬᠡᠳᠦᠨ ᠡᠳᠦᠷ ᠵᠶ᠋ᠠᠷ ᠬᠤᠭᠤᠯᠠ ᠪᠤᠳᠠᠭ᠎ᠠ ᠢᠳᠡᠯ ᠦᠭᠡᠢ ᠬᠠᠷ᠎ᠠ ᠤᠰᠤ ᠤᠤᠭᠤᠵᠤ᠂ ᠨᠡᠯᠢᠶᠡᠳ ᠤᠯᠠᠨ ᠵᠢᠯ ᠵᠶ᠋ᠠᠷ ᠹᠢᠽᠢᠦᠯᠤᠭᠢ ᠵᠢᠨ ᠵᠦᠢ᠎ᠪᠠᠨ ᠠᠯᠳᠠᠨ ᠶᠠᠪᠤᠭᠰᠠᠠ᠎ᠠᠴᠠ 2000 ᠤᠨ᠎ᠳᠤ ᠬᠤᠲᠤᠭᠤᠳᠤᠨ ᠦᠮᠡᠨ᠎ᠳᠤ ᠨᠡᠷᠪᠡᠭᠳᠡᠭᠰᠡᠡ ᠪᠠᠢ᠍ᠢ᠍ᠯ᠎ᠠ᠃ 2006 ᠤᠨ᠎ᠠᠴᠠ ᠲᠡᠷᠡ ᠰᠢᠯᠢ ᠵᠢᠨ ᠭᠤᠤᠯ ᠠᠢ᠍ᠢ᠍ᠮᠠᠭ᠎ᠤᠨ ᠦᠨᠳᠦᠰᠦᠲᠡᠨ᠎ᠤ ᠲᠠᠮᠢᠷ᠎ᠤᠨ ᠰᠤᠷᠭ᠋ᠠᠭᠤᠯᠢ ᠵᠢᠨ ᠵᠠᠬᠢᠷᠤᠯ ᠵᠶ᠋ᠠᠷ ᠠᠵᠢᠯᠯᠠᠵᠤ᠂ 2012 ᠤᠨ᠎ᠳᠤ ᠲᠤᠰ ᠰᠤᠷᠭ᠋ᠠᠭᠤᠯᠢ ᠵᠢ ᠰᠢᠯᠢ ᠵᠢᠨ ᠭᠤᠤᠯ ᠠᠢ᠍ᠢ᠍ᠮᠠᠭ᠎ᠤᠨ ᠠᠵᠢᠯ ᠮᠡᠷᠭᠡᠵᠢᠯ᠎ᠤᠨ ᠳᠡᠭᠡᠳᠦ ᠰᠤᠷᠭ᠋ᠠᠭᠤᠯᠢ᠎ᠲᠠᠢ ᠨᠡᠢ᠍ᠢ᠍ᠯᠡᠭᠦᠯᠦᠭᠰᠡᠡ᠎ᠤ ᠳᠠᠷᠠᠭ᠎ᠠ ᠪᠡᠶ᠎ᠡ ᠠᠨᠠᠢ ᠪᠤᠯᠤᠭᠰᠠᠠ ᠪᠠᠢ᠍ᠢ᠍ᠳᠠᠯ ᠵᠶ᠋ᠠᠨ ᠦᠨᠳᠦᠰᠦᠯᠡᠭᠡᠳ ᠲᠤᠰᠢᠶᠠᠯ ᠵᠶ᠋ᠠᠨ ᠰᠤᠯᠠᠯᠠᠨ ᠦᠭᠴᠤ ᠵᠢᠭ᠋ᠠᠨ ᠰᠤᠷᠭ᠋ᠠᠯᠲᠠ ᠵᠢᠨ ᠬᠢᠨᠠᠨ ᠪᠠᠢ᠍ᠢ᠍ᠴᠠᠭ᠋ᠠᠬᠤ ᠲᠠᠰᠤᠭ᠎ᠲᠤ ᠠᠵᠢᠯᠯᠠᠭᠰᠠᠠ ᠠᠵᠢ᠃ ᠪᠦᠬᠡ᠎ᠪᠠᠷ á ¡á ·á Žá ¡ ᠵᠢᠨ ᠬᠡᠢ᠍ᠢ᠍ᠮᠤᠷᠢ᠎ᠪᠠᠨ ᠮᠠᠨᠳᠤᠭᠤᠯᠵᠤ᠂ ᠪᠦᠬᠡ᠎ᠪᠠᠷ ᠦᠢ᠍ᠯᠡᠰ ᠬᠦᠭᠡᠭᠡᠴᠡᠯᠳᠦᠯ ᠵᠶ᠋ᠠᠨ ᠪᠤᠯᠭ᠋ᠠᠵᠤ ᠢᠷᠡᠭᠰᠡᠡ ᠬᠦᠮᠦᠨ ᠭᠡᠵᠤ ᠴᠤᠬᠤᠮ ᠡᠨᠡ ᠬᠦᠮᠦᠨ ᠪᠠᠢ᠍ᠢ᠍ᠵᠠᠢ᠃ 《ᠤᠷᠴᠢᠮ᠎ᠤᠨ ᠵᠢᠯ᠎ᠤᠳ᠎ᠠᠴᠠ ᠮᠤᠨᠭ᠌ᠭᠤᠯ ᠪᠦᠬᠡ ᠶᠡᠬᠡ ᠬᠦᠭᠵᠢᠵᠡᠢ᠂ ᠨᠠᠮ ᠵᠠᠰᠠᠭ᠎ᠠᠴᠠ ᠦᠨᠳᠦᠰᠦᠲᠡᠨ᠎ᠤ ᠰᠤᠶᠤᠯ ᠵᠶ᠋ᠠᠨ ᠤᠯᠠᠮᠵᠢᠯᠠᠵᠤ ᠵᠠᠯᠭ᠋ᠠᠮᠵᠢᠯᠠᠬᠤ ᠵᠢ ᠶᠡᠬᠡ ᠬᠦᠨᠳᠦᠳᠭᠡᠬᠦ ᠪᠤᠯᠵᠤ ᠪᠠᠢ᠍ᠢ᠍ᠨ᠎ᠠ᠂ ᠪᠦᠬᠦ ᠠᠷᠠᠳ᠎ᠤᠨ ᠪᠡᠶ᠎ᠡ᠎ᠪᠠᠨ ᠴᠢᠬᠢᠷᠠᠭᠵᠢᠭᠤᠯᠬᠤ ᠵᠢ ᠤᠷᠢᠶᠠᠯᠠᠵᠤ ᠪᠠᠢ᠍ᠢ᠍ᠨ᠎ᠠ᠃ ᠳᠠᠬᠢᠪᠠᠯ ᠠᠵᠤ ᠠᠬᠤᠢ ᠬᠦᠭᠵᠢᠵᠤ ᠠᠷᠠᠳ᠎ᠤᠨ ᠠᠮᠢᠳᠤᠷᠠᠯ ᠰᠠᠢ᠍ᠢ᠍ᠵᠢᠷᠠᠭᠰᠠᠠ᠎ᠠᠴᠠ ᠬᠤᠪᠢ᠎ᠪᠠᠷ ᠵᠶ᠋ᠠᠨ ᠨᠠᠢ᠍ᠢ᠍ᠷ ᠨᠠᠭ᠋ᠠᠳᠤᠮ ᠡᠷᠬᠢᠯᠡᠬᠦ ᠬᠦᠮᠦᠨ ᠤᠯᠠᠨ ᠪᠤᠯᠵᠤ ᠪᠠᠢ᠍ᠢ᠍ᠨ᠎ᠠ᠂ ᠨᠠᠢ᠍ᠢ᠍ᠷ᠎ᠤᠨ ᠱᠠᠩ ᠴᠤ᠌ ᠦᠨᠳᠦᠷ ᠪᠤᠯᠤᠭᠰᠠᠠ᠂ ᠰᠤᠷᠢᠭ᠎ᠠ ᠪᠤᠯᠪᠠᠰᠤᠷᠠᠯ᠎ᠳᠠᠭᠠᠨ ᠰᠢᠮᠳᠠᠬᠤ ᠵᠠᠯᠠᠭᠤ ᠪᠦᠭᠡ ᠤᠯᠠᠨ ᠪᠤᠯᠤᠭᠰᠠᠠ᠃ ᠡᠨᠡ ᠴᠢᠨᠢ ᠪᠦᠷ ᠪᠦᠬᠡ ᠵᠢᠨ ᠰᠤᠶᠤᠯ ᠪᠦᠬᠡ ᠵᠢᠨ ᠦᠢ᠍ᠯᠡᠰ ᠬᠦᠭᠵᠢᠬᠦ᠎ᠳᠤ ᠰᠠᠢ᠍ᠢ᠍ᠨ ᠤᠷᠴᠢᠨ ᠨᠦᠬᠦᠴᠡᠯ ᠪᠤᠯᠵᠤ ᠦᠭᠴᠤ ᠪᠠᠢ᠍ᠢ᠍ᠨ᠎ᠠ ᠰᠢᠤ》 ᠭᠡᠵᠤ ᠴᠠᠭ᠋ᠠᠨᠵᠠᠭ᠋ᠠᠨ ᠤᠳᠤᠬᠢ ᠪᠠᠢ᠍ᠢ᠍ᠳᠠᠯ᠎ᠢ ᠦᠪᠡᠷ᠎ᠤᠨ ᠪᠠᠷᠢᠯᠳᠤᠵᠤ ᠪᠠᠢ᠍ᠢ᠍ᠭᠰᠠᠠ ᠦᠶ᠎ᠡ ᠵᠢᠨ᠎ᠬᠢ᠎ᠲᠠᠢ ᠬᠠᠷᠢᠴᠠᠭᠤᠯᠤᠨ ᠱᠠᠭᠰᠢᠨ ᠶᠠᠷᠢᠨ᠎ᠠ᠃    

    ᠲᠡᠢ᠍ᠢ᠍ᠮᠦ ᠳ᠋ᠠ᠂ ᠦᠨᠭᠭᠡᠷᠡᠭᠰᠡᠡ᠎ᠳᠤ ᠪᠤᠯ ᠨᠠᠷᠠ ᠬᠤᠷ᠎ᠠ ᠲᠡᠨᠭᠴᠡᠵᠤ ᠮᠠᠯ ᠰᠦᠷᠦᠭ ᠦᠨᠢᠷ ᠦᠰᠦᠭᠰᠡᠡ ᠦᠩ᠎ᠲᠠᠢ ᠰᠠᠢ᠍ᠢ᠍ᠨ ᠵᠢᠯ᠎ᠳᠤ á °á  á ¶á ¢ ᠬᠤᠰᠢᠭᠤ ᠨᠠᠢ᠍ᠢ᠍ᠷ ᠰᠤᠮᠤᠨ ᠨᠠᠢ᠍ᠢ᠍ᠷ ᠭᠡᠵᠤ ᠠᠯᠪᠠᠨ᠎ᠠᠴᠠ ᠡᠷᠬᠢᠯᠡᠨ ᠬᠢᠵᠤ ᠪᠠᠢ᠍ᠢ᠍ᠯ᠎ᠠ᠃ ᠤᠳᠤ ᠴᠢᠨᠢ ᠤᠪᠤᠭ᠎ᠠ ᠲᠠᠬᠢᠯᠭ᠎ᠠ á ­á ¡á ³ á ­á  á ´á  á ­á Žá   ᠲᠤᠭᠤᠢ᠍ᠢ᠍ᠯᠠᠩ ᠬᠤᠲᠠ ᠤᠰᠤ᠎ᠪᠠᠷ ᠵᠶ᠋ᠠᠨ ᠨᠠᠢ᠍ᠢ᠍ᠷ ᠨᠠᠭ᠋ᠠᠳᠤᠮ ᠡᠷᠬᠢᠯᠡᠨ᠎ᠡ᠂ ᠨᠠᠰᠤᠲᠠᠨ᠎ᠤ ᠨᠠᠰᠤᠨ ᠪᠠᠶᠠᠷ᠂ ᠵᠢᠯ᠎ᠤᠨ ᠪᠠᠶᠠᠷ á ­á ¡á ³ ᠬᠤᠪᠢ᠎ᠪᠠᠷ ᠵᠶ᠋ᠠᠨ ᠨᠠᠢ᠍ᠢ᠍ᠷ ᠨᠠᠭ᠋ᠠᠳᠤᠮ ᠡᠷᠬᠢᠯᠡᠨ᠎ᠡ᠃ ᠨᠠᠢ᠍ᠢ᠍ᠷ᠎ᠤᠨ ᠱᠠᠩ ᠴᠤ᠌ ᠵᠢᠯ᠎ᠠᠴᠠ ᠵᠢᠯ ᠦᠨᠳᠦᠷ ᠪᠤᠯᠵᠤ᠂ ᠶᠡᠬᠡ ᠬᠡᠪᠴᠢᠶᠡᠨ᠎ᠤ ᠨᠠᠢ᠍ᠢ᠍ᠷ᠎ᠲᠤ ᠲᠡᠷᠢᠭᠦᠨ ᠱᠠᠩ 20 ᠲᠦᠮᠡ᠂ 30 ᠲᠦᠮᠡᠨ ᠲᠦᠭᠦᠷᠢᠭ ᠬᠦᠷᠬᠦ ᠴᠢᠨᠢ ᠰᠤᠨᠢᠨ ᠶᠠᠪᠤᠳᠠᠯ ᠪᠢᠰᠢ ᠪᠤᠯᠪᠠ᠃ ᠴᠠᠭ᠋ᠠᠨᠵᠠᠭ᠋ᠠᠨ᠎ᠢ ᠪᠠᠷᠢᠯᠳᠤᠵᠤ ᠪᠠᠢ᠍ᠢ᠍ᠭᠰᠠᠠ ᠲᠡᠷᠡ ᠦᠶᠡᠰ ᠲᠡᠷᠢᠭᠦᠨ ᠱᠠᠩ᠎ᠢ ᠲᠡᠮᠡᠭᠡ᠂ ᠮᠤᠷᠢ᠂ ᠬᠤᠨᠢ á ­á ¡á ³ ᠶᠢᠰᠦ ᠶᠢᠰᠦ ᠨᠠᠶᠠᠨ ᠨᠢᠭᠡ ᠵᠢᠨ ᠪᠡᠯᠡᠭ ᠵᠶ᠋ᠠᠷ ᠱᠠᠨᠭ᠌ᠨᠠᠵᠤ᠂ ᠡᠨᠡ ᠱᠠᠩ᠎ᠢ ᠲᠡᠷᠡ 7 ᠤᠳᠠᠭ᠎ᠠ ᠲᠤᠰᠤᠭᠰᠠᠠ ᠭᠡᠨ᠎ᠡ ᠪᠢᠯᠡ᠂ ᠲᠡᠷᠡ ᠦᠶ᠎ᠡ ᠵᠢᠨ ᠲᠡᠷᠢᠭᠦᠨ ᠱᠠᠩ᠎ᠤᠨ ᠲᠡᠮᠡᠭᠡ ᠮᠢᠨᠭ᠌ᠭ᠋ᠠᠨ ᠲᠦᠭᠦᠷᠢᠭ ᠬᠦᠷᠬᠦ ᠦᠭᠡᠢ ᠪᠠᠢ᠍ᠢ᠍ᠭᠰᠠᠠ ᠭᠡᠳᠡᠭ᠃ ᠲᠡᠭᠦᠨ᠎ᠤ ᠬᠡᠯᠡᠭᠰᠡᠡ ᠪᠠᠰᠠ ᠨᠢᠭᠡᠨ ᠬᠤᠪᠢᠷᠠᠯᠲᠠ ᠭᠡᠪᠡᠯ᠂ ᠪᠦᠬᠡ ᠵᠢ ᠮᠡᠲᠡᠬᠥ᠂ ᠪᠦᠬᠡ ᠵᠢᠨ ᠤᠷ᠎ᠠ ᠮᠡᠷᠭᠡᠵᠢᠯ᠎ᠢ ᠦᠵᠡᠵᠤ ᠭᠠᠷᠬᠤ᠂ ᠪᠦᠬᠡ ᠵᠢᠨ ᠬᠠᠷᠢᠭᠤᠴᠠᠯᠭ᠎ᠠ᠎ᠲᠠᠢ ᠪᠠᠷᠢᠯᠳᠤᠵᠤ ᠪᠠᠢ᠍ᠢ᠍ᠬᠤ ᠡᠰᠡᠬᠦ ᠵᠢ ᠦᠵᠡᠵᠤ ᠭᠠᠷᠬᠤ ᠦᠵᠡᠭᠴᠢ ᠤᠯᠠᠨ ᠪᠤᠯᠵᠤ᠂ ᠬᠡᠨ᠎ᠨᠢ ᠬᠡᠨ᠎ᠲᠠᠢ ᠪᠠᠷᠢᠯᠳᠤᠬᠤ᠎ᠳᠠᠭᠠᠨ ᠶᠠᠭ᠋ᠠᠬᠢᠵᠤ ᠪᠠᠷᠢᠯᠳᠤᠭᠰᠠᠠ ᠪᠤᠯ ᠵᠤᠬᠢᠬᠤ ᠪᠠᠢ᠍ᠢ᠍ᠭᠰᠠᠠ ᠵᠡᠷᠭᠡ ᠵᠢ ᠰᠢᠭᠦᠮᠵᠢᠯᠡᠨ ᠶᠠᠷᠢᠯᠴᠠᠬᠤ ᠪᠤᠯᠵᠤ᠂ ᠦᠵᠡᠭᠴᠢᠳ᠎ᠤᠨ ᠱᠠᠭ᠋ᠠᠷᠳᠠᠯᠭ᠎ᠠ ᠦᠨᠳᠦᠷ ᠪᠤᠯᠤᠭᠰᠠᠠ ᠠᠵᠢ᠃ ᠮᠠᠨ᠎ᠤ ᠮᠤᠨᠭ᠌ᠭᠤᠯᠴᠤᠳ ᠪᠦᠬᠡ᠎ᠳᠤ ᠪᠠᠬᠠᠲᠠᠢ᠂ ᠪᠦᠬᠡ᠎ᠳᠤ ᠬᠠᠢ᠍ᠢ᠍ᠷᠠᠲᠠᠢ᠎ᠪᠠᠷ ᠵᠶ᠋ᠠᠨ ᠤᠯᠠᠮᠵᠢᠯᠠᠯ᠎ᠲᠠᠢ ᠶᠤᠮ᠃ ᠰᠠᠢ᠍ᠢ᠍ᠨ ᠪᠦᠬᠡ ᠵᠢ ᠪᠠᠬᠠᠷᠬᠠᠵᠤ᠂ ᠬᠡᠤᠬᠡᠳ ᠲᠡᠭᠦᠤᠨᠡᠷ ᠵᠶ᠋ᠠᠨ ᠰᠠᠢ᠍ᠢ᠍ᠨ ᠪᠦᠬᠡ ᠪᠤᠯᠭ᠋ᠠᠬᠤ᠎ᠪᠠᠷ ᠰᠤᠷᠢᠭ᠎ᠠ ᠪᠤᠯᠪᠠᠰᠤᠷᠠᠯ᠎ᠢ᠎ᠨᠢ ᠱᠠᠭ᠋ᠠᠷᠳᠠᠳᠠᠭ᠂ ᠵᠠᠷᠢᠮ᠎ᠨᠢ ᠬᠦᠤ᠎ᠲᠠᠢ ᠪᠤᠯᠪᠠᠯ ᠬᠤᠵᠢᠮ ᠰᠠᠢ᠍ᠢ᠍ᠨ ᠪᠦᠬᠡ ᠪᠤᠯᠬᠤ ᠵᠢ ᠪᠡᠯᠭᠡᠳᠡᠭᠡᠳ ᠠᠪᠤᠷᠭᠤ ᠪᠦᠬᠡᠴᠤᠤᠯ᠎ᠤᠨ ᠨᠡᠷ᠎ᠡ᠎ᠪᠠᠷ ᠨᠡᠷ᠎ᠡ ᠦᠭᠳᠡᠭ ᠴᠤ᠌ ᠪᠤᠢ᠃ ᠡᠳᠦᠭᠡ ᠰᠢᠯᠢ ᠵᠢᠨ ᠭᠤᠤᠯ ᠵᠶ᠋ᠠᠷ ᠤᠪᠤᠭ᠎ᠠ ᠵᠦᠭᠡᠷ ᠪᠠᠷᠢᠯᠳᠤᠵᠤ ᠪᠠᠢ᠍ᠢ᠍ᠭ᠎ᠠ 《ᠴᠠᠭ᠋ᠠᠨᠵᠠᠭ᠋ᠠᠨ》 á ­á ¡á ­á ´á ¢ ᠨᠡᠷ᠎ᠡ᠎ᠲᠠᠢ ᠪᠦᠭᠡ ᠲᠠᠪᠤ ᠵᠢᠷᠭᠤᠭ᠎ᠠ ᠭᠠᠷᠤᠭ᠋ᠠᠳ ᠪᠠᠢ᠍ᠢ᠍ᠭ᠎ᠠ᠎ᠨᠢ ᠡᠭᠦᠨ᠎ᠤ á ­á ¡á ·á ¡á ´á ¢ ᠭᠡᠯᠲᠡᠢ᠃ ᠮᠢ᠊ ᠰᠤᠶᠤᠯ ᠵᠡᠷᠭᠡ ᠨᠡᠷᠡᠲᠦ ᠪᠦᠬᠡ ᠵᠢ ᠤᠯᠤᠰ᠎ᠤᠨ ᠠᠵᠢᠯᠲᠠᠨ᠎ᠤ ᠤᠷᠤᠨ ᠲᠤᠭ᠎ᠠ᠎ᠲᠠᠢ ᠪᠤᠯᠭ᠋ᠠᠵᠤ ᠬᠤᠲᠠ ᠵᠢᠨ ᠡᠷᠦᠬᠡ ᠠᠮᠠ ᠵᠢᠨ ᠳᠠᠨᠭ᠌ᠰᠠ᠎ᠳᠤ ᠤᠷᠤᠭᠤᠯᠬᠤ ᠶᠠᠪᠤᠳᠠᠯ᠎ᠤᠨ á ­á  á · ᠭᠦᠢ᠍ᠴᠡᠳᠭᠡᠯ᠎ᠢ ᠬᠢᠬᠦ ᠲᠡᠷᠡ ᠤᠳᠠᠭ᠎ᠠ ᠴᠠᠭ᠋ᠠᠨᠵᠠᠭ᠋ᠠᠨ ᠲᠤᠲᠤᠭ᠋ᠠᠳᠤ ᠵᠢ ᠬᠠᠮᠠᠭ᠋ᠠᠯᠠᠬᠤ ᠲᠤᠮᠢᠯᠠᠭᠰᠠᠠ ᠰᠠᠯᠪᠤᠷᠢ᠎ᠠᠴᠠ 《ᠴᠠᠭ᠋ᠠᠨᠵᠠᠭ᠋ᠠᠨ》 ᠭᠡᠬᠦ ᠨᠡᠷ᠎ᠡ᠎ᠲᠠᠢ ᠬᠦᠮᠦᠨ ᠪᠠᠭ᠋ᠠᠬᠠᠨ ᠪᠠᠢ᠍ᠢ᠍ᠭᠰᠠᠠ᠎ᠢ ᠤᠯᠵᠤ ᠬᠠᠷᠠᠭᠰᠠᠠ ᠭᠡᠳᠡᠭ ᠪᠢᠯᠡ᠃    

    ᠪᠦᠬᠡ ᠵᠢᠨ ᠰᠤᠶᠤᠯ᠂ ᠪᠦᠬᠡ ᠵᠢᠨ ᠦᠢ᠍ᠯᠡᠰ ᠬᠦᠭᠵᠢᠵᠤ ᠪᠠᠢ᠍ᠢ᠍ᠨ᠎ᠠ᠂ ᠭᠡᠪᠡᠴᠤ ᠬᠡᠷᠬᠢᠨ ᠡᠷᠡᠭᠦᠯ ᠵᠶ᠋ᠠᠷ ᠬᠦᠭᠵᠢᠬᠦ᠂ ᠳᠦᠷᠢᠮᠵᠢᠯ᠎ᠲᠠᠢ ᠬᠦᠭᠵᠢᠬᠦ ᠭᠡᠬᠦ ᠠᠰᠠᠭᠤᠳᠠᠯ ᠲᠤᠯᠭ᠋ᠠᠷᠠᠵᠤ ᠪᠠᠢ᠍ᠢ᠍ᠨ᠎ᠠ ᠭᠡᠵᠤ ᠴᠠᠭ᠋ᠠᠨᠵᠠᠭ᠋ᠠᠨ ᠶᠠᠷᠢᠨ᠎ᠠ᠃ ᠰᠢᠯᠢ ᠵᠢᠨ ᠭᠤᠤᠯ ᠠᠢ᠍ᠢ᠍ᠮᠠᠭ᠎ᠤᠨ ᠪᠦᠬᠡ ᠵᠢᠨ ᠠᠨᠭ᠌ᠭᠢ ᠵᠢᠨ ᠳᠡᠳ᠋ ᠳᠠᠷᠤᠭ᠎ᠠ᠂ ᠪᠦᠬᠡ ᠵᠢᠨ ᠨᠡᠢ᠍ᠢ᠍ᠭᠡᠮᠯᠢᠭ᠎ᠤᠨ ᠳᠡᠳ᠋ ᠳᠠᠷᠤᠭ᠎ᠠ ᠪᠤᠯᠵᠤ᠂ ᠪᠦᠬᠡ ᠵᠢᠨ ᠰᠤᠷᠢᠭ᠎ᠠ ᠪᠤᠯᠪᠠᠰᠤᠷᠠᠯ᠎ᠢ ᠬᠠᠮᠢᠶᠠᠷᠤᠭᠰᠠᠠ᠎ᠠᠴᠠ ᠨᠠᠰᠢ ᠲᠡᠷᠡ ᠡᠨᠡ ᠲᠤᠬᠠᠢ ᠠᠨᠭ᠌ᠬᠠᠷᠴᠤ ᠡᠬᠢᠯᠡᠵᠤ᠂ ᠳᠦᠷᠢᠮᠵᠢᠭᠦᠯᠬᠦ ᠭᠡᠬᠦ ᠠᠰᠠᠭᠤᠳᠠᠯ᠎ᠤᠨ ᠲᠤᠭᠤᠷᠢᠨ᠎ᠳᠤ ᠤᠯᠠᠨ ᠤᠷᠤᠯᠳᠤᠯᠭ᠎ᠠ ᠬᠢᠵᠤ ᠶᠡᠬᠡ ᠴᠢᠷᠮᠠᠢ᠍ᠢ᠍ᠯᠭ᠎ᠠ á ­á  á ·á ­á ‹á  á ­á °á  á   ᠪᠠᠢ᠍ᠢ᠍ᠪᠠ᠃ ᠪᠦᠬᠡ ᠵᠢ ᠲᠠᠯᠠᠪᠠᠢ᠎ᠳᠤ ᠤᠷᠤᠬᠤ ᠲᠠᠯᠠᠪᠠᠢ᠎ᠠᠴᠠ ᠭᠠᠷᠬᠤ᠎ᠳᠤ ᠪᠦᠷ ᠪᠦᠬᠡ ᠵᠢᠨ ᠬᠤᠪᠴᠠᠰᠦ ᠵᠠᠰᠠᠯ᠎ᠢ᠎ᠨᠢ ᠡᠮᠦᠰᠦᠭᠦᠯᠬᠦ᠂ ᠪᠦᠬᠡ ᠵᠢᠨ ᠶᠤᠰᠦ ᠵᠢᠷᠤᠮ ᠵᠶ᠋ᠠᠷ ᠭᠦᠢ᠍ᠴᠡᠳᠭᠡᠬᠦ ᠵᠢ ᠱᠠᠭ᠋ᠠᠷᠳᠠᠬᠤ ᠪᠤᠯᠵᠤ᠂ ᠳᠦᠷᠢᠮ᠎ᠢ á ¡á °á ¡ ᠳᠠᠭ᠋ᠠᠪᠠᠯ ᠤᠷᠤᠯᠴᠠᠬᠤ ᠡᠷᠬᠡ ᠵᠢ᠎ᠨᠢ ᠬᠠᠰᠤᠬᠤ ᠪᠤᠯᠭ᠋ᠠᠭᠰᠠᠠ ᠭᠡᠳᠡᠭ᠃ 《ᠮᠤᠨᠭ᠌ᠭᠤᠯ ᠪᠦᠬᠡ ᠭᠡᠳᠡᠭ ᠴᠢᠨᠢ ᠮᠤᠨᠭ᠌ᠭᠤᠯ ᠰᠤᠶᠤᠯ᠎ᠤᠨ ᠲᠦᠯᠦᠭᠡᠯᠡᠬᠦ ᠴᠢᠨᠠᠷᠲᠠᠢ ᠦᠪ ᠰᠤᠶᠤᠯ᠂ ᠮᠤᠨᠭ᠌ᠭᠤᠯ ᠬᠦᠮᠦᠨ᠎ᠤ ᠴᠤᠭ ᠵᠢᠪᠬᠤᠭ᠎ᠠ ᠵᠢ ᠪᠠᠲᠠᠷᠠᠭ᠋ᠠᠬᠤ ᠰᠤᠶᠤᠯ ᠪᠠᠢ᠍ᠢ᠍ᠭ᠎ᠠ᠂ ᠪᠦᠬᠡ ᠵᠢᠨ ᠬᠤᠪᠴᠠᠰᠦ ᠵᠠᠰᠠᠯ᠂ ᠠᠷᠰᠯᠠᠨ ᠪᠠᠷᠰ᠎ᠤᠨ ᠮᠠᠭᠰᠢᠯᠭ᠎ᠠ ᠲᠡᠪᠢᠯᠭᠡ᠎ᠪᠠᠷ ᠵᠶ᠋ᠠᠨ ᠮᠤᠨᠭ᠌ᠭᠤᠯ ᠪᠦᠬᠡ ᠵᠢᠨ ᠰᠦᠷ ᠰᠦᠯᠳᠡ ᠵᠢ ᠭᠠᠢ᠍ᠢ᠍ᠬᠠᠭᠤᠯᠳᠠᠭ ᠪᠢᠰᠢᠤ!》 ᠭᠡᠵᠤ ᠴᠠᠭ᠋ᠠᠨᠵᠠᠭ᠋ᠠᠨ ᠶᠠᠷᠢᠵᠤ ᠪᠠᠢ᠍ᠢ᠍ᠯ᠎ᠠ᠃ ᠪᠦᠬᠡ ᠵᠢᠨ ᠵᠤᠳᠤᠭ᠂ ᠦᠮᠦᠳᠦ᠂ ᠭᠤᠲᠤᠯ ᠨᠤᠲᠤᠭ ᠨᠤᠲᠤᠭ᠎ᠤᠨ ᠵᠶ᠋ᠠᠨ ᠤᠨᠴᠠᠯᠢᠭ᠎ᠲᠠᠢ᠎ᠨᠢ ᠮᠡᠳᠡᠭᠡᠵᠢ᠂ ᠭᠡᠬᠦ᠎ᠳᠤ ᠤᠳᠤ ᠴᠢᠨᠢ ᠵᠤᠳᠤᠭ᠎ᠢ ᠦᠪᠡᠷ ᠵᠶ᠋ᠠᠨ ᠬᠢᠬᠦ ᠪᠤᠯᠤᠭᠰᠠᠠ ᠪᠦᠭᠡᠳ ᠬᠠᠨᠴᠤᠢ ᠵᠢ á ­á  á · ᠤᠷᠤᠭᠤᠯᠬᠤ ᠵᠠᠢ ᠵᠠᠪᠰᠠᠷ ᠦᠭᠡᠢ᠎ᠪᠠᠷ᠂ ᠪᠦᠰᠡ ᠵᠢ ᠠᠳᠬᠤᠵᠤ ᠳᠡᠢ᠍ᠢ᠍ᠯᠬᠦ ᠦᠭᠡᠢ᠎ᠪᠠᠷ᠂ ᠰᠡᠨᠴᠢᠭ᠎ᠢ ᠶᠡᠬᠡ ᠦᠷᠭᠡᠨ ᠵᠶ᠋ᠠᠷ ᠬᠢᠵᠤ᠂ ᠪᠤᠯᠬᠤᠢ᠍ᠢ᠍ᠴᠠ ᠨᠦᠬᠦᠭᠡ ᠡᠲᠡᠭᠡᠳ᠎ᠳᠡᠭᠡᠨ ᠪᠠᠷᠢᠴᠠ ᠪᠠᠷᠢᠭᠤᠯᠬᠤ ᠦᠭᠡᠢ ᠭᠡᠮᠡᠨ ᠪᠠᠷᠢᠮᠵᠢᠶ᠎ᠠ᠎ᠪᠠᠷ ᠬᠢᠬᠦ ᠦᠭᠡᠢ ᠪᠤᠯᠵᠤ ᠪᠠᠢ᠍ᠢ᠍ᠨ᠎ᠠ᠃ ᠵᠤᠳᠤᠭ᠎ᠢ ᠵᠠᠪᠠᠯ ᠪᠠᠷᠢᠮᠵᠢᠶᠠᠲᠦ ᠵᠤᠳᠤᠭ ᠬᠢᠬᠦ ᠬᠡᠷᠡᠭᠲᠡᠢ ᠪᠤᠯᠵᠤ ᠪᠠᠢ᠍ᠢ᠍ᠨ᠎ᠠ᠃ ᠳᠠᠭᠢᠪᠠᠯ ᠭᠠᠵᠠᠷ ᠭᠠᠵᠠᠷ᠎ᠤᠨ ᠪᠦᠬᠡ ᠵᠢᠨ ᠠᠪᠲᠠᠯ ᠪᠠᠷᠢᠳᠠᠯ ᠤᠨᠳᠤᠤ᠂ ᠬᠦᠯᠦᠨ ᠪᠤᠢ᠍ᠢ᠍ᠷ᠎ᠤᠨ᠎ᠬᠢ᠎ᠪᠠᠷ ᠠᠪᠤᠭ᠋ᠠᠳ ᠬᠡᠯᠡᠬᠦ᠎ᠳᠤ ᠰᠢᠭᠤᠳ ᠢᠰᠭᠦᠯᠳᠡᠭ᠂ ᠢᠨᠭᠭᠢᠭᠡᠳ ᠨᠤᠲᠤᠭ ᠨᠤᠲᠤᠭ᠎ᠤᠨ᠎ᠬᠢ ᠬᠤᠭᠤᠷᠤᠨᠳᠦ ᠬᠡᠷᠡᠭᠦᠯ ᠪᠤᠯᠳᠠᠭ᠂ ᠡᠢ᠍ᠢ᠍ᠨᠬᠦ ᠢᠰᠭᠦᠯᠪᠡᠯ ᠲᠤᠷᠭ᠋ᠠᠬᠤ᠎ᠪᠠᠷ ᠪᠤᠯᠵᠤ ᠳᠦᠷᠢᠮᠵᠢᠯ᠎ᠲᠠᠢ᠎ᠪᠠᠷ ᠪᠠᠷᠢᠯᠳᠤᠭᠤᠯᠬᠤ ᠪᠤᠯᠤᠭᠰᠠᠠ ᠭᠡᠵᠤ ᠴᠠᠭ᠋ᠠᠨᠵᠠᠭ᠋ᠠᠨ ᠪᠤᠲᠠᠲᠠᠢ ᠵᠢᠱ᠌ᠢᠶ᠎ᠡ ᠲᠠᠲᠠᠨ ᠶᠠᠷᠢᠪᠠ᠃ ᠪᠦᠬᠡ ᠵᠢᠨ ᠤᠨᠤᠭ᠎ᠠ ᠲᠠᠭ᠋ᠠᠷᠠᠭᠤᠯᠬᠤ ᠭᠡᠵᠤ ᠭᠤᠤᠯᠴᠢ᠂ ᠡᠷᠬᠡ ᠲᠡᠭᠰᠢ᠂ ᠰᠢᠨᠵᠢᠯᠡᠬᠦ ᠤᠬᠠᠭ᠋ᠠᠨᠴᠢ ᠪᠠᠢ᠍ᠢ᠍ᠬᠤ ᠡᠰᠡᠬᠦ ᠵᠢ ᠰᠢᠯᠭ᠋ᠠᠳᠠᠭ᠃ ᠤᠨᠤᠭ᠎ᠠ ᠲᠠᠭ᠋ᠠᠷᠠᠭᠤᠯᠬᠤ᠎ᠳᠤ ᠤᠷᠤᠰᠢᠵᠤ ᠪᠠᠢ᠍ᠢ᠍ᠭ᠎ᠠ ᠵᠤᠬᠢᠰ ᠦᠭᠡᠢ ᠲᠠᠯ᠎ᠠ ᠵᠢ ᠦᠭᠡᠷᠡᠴᠢᠯᠡᠵᠤ ᠬᠤᠪᠢᠷᠠᠭᠤᠯᠬᠤ ᠭᠡᠵᠤ ᠴᠠᠭ᠋ᠠᠨᠵᠠᠭ᠋ᠠᠨ ᠨᠠᠷ ᠪᠦᠭᠡ ᠵᠢᠨ ᠴᠤᠯᠠ ᠤᠯᠭᠤᠬᠤ ᠨᠠᠢ᠍ᠢ᠍ᠷ᠎ᠢ ᠰᠡᠳᠦᠨ ᠬᠢᠵᠤ᠂ ᠳᠡᠭᠡᠳᠦ ᠳᠡᠰ᠎ᠤᠨ ᠪᠦᠬᠡ ᠵᠢ ᠲᠤᠤᠷᠠᠲᠦ ᠲᠡᠰ᠎ᠤᠨ ᠪᠦᠬᠡ᠎ᠲᠠᠢ ᠬᠠᠷᠭᠤᠭᠤᠯᠵᠤ᠂ ᠨᠤᠭᠤᠯᠤᠭ᠎ᠠ ᠳᠠᠪᠠᠵᠤ ᠲᠡᠰ ᠲᠡᠪᠰᠢᠬᠦ ᠦᠷᠢᠰᠦᠯᠳᠦᠭᠡᠨ᠎ᠢ ᠡᠷᠬᠡ ᠲᠡᠭᠰᠢ ᠪᠤᠯᠭ᠋ᠠᠭᠰᠠᠠ ᠭᠡᠳᠡᠭ᠃    

    ᠴᠠᠭ᠋ᠠᠨᠵᠠᠭ᠋ᠠᠨ᠎ᠤ ᠪᠠᠰᠠ ᠨᠢᠭᠡᠨ ᠤᠷᠤᠯᠳᠤᠯᠭ᠎ᠠ ᠰᠦᠪᠡᠭᠴᠢᠯᠡᠯ ᠭᠡᠪᠡᠯ ᠮᠤᠨᠭ᠌ᠭᠤᠯ ᠪᠦᠬᠡ ᠵᠢ ᠵᠠᠬ᠎ᠠ ᠳᠡᠯᠭᠡᠭᠦᠷ᠎ᠲᠠᠢ ᠤᠶᠠᠯᠳᠤᠭᠤᠯᠤᠨ ᠠᠵᠤ ᠦᠢ᠍ᠯᠡᠰᠵᠢᠭᠦᠯᠦᠨ ᠬᠦᠭᠵᠢᠭᠦᠯᠬᠦ á  á ·á ­á Žá   ᠵᠠᠮ᠎ᠢ ᠬᠠᠢ᠍ᠢ᠍ᠨ ᠰᠤᠪᠢᠭᠰᠠᠠ ᠶᠠᠪᠤᠳᠠᠯ ᠪᠠᠢ᠍ᠢ᠍ᠯ᠎ᠠ᠃ 2001 ᠤᠨ᠎ᠳᠤ ᠲᠡᠷᠡ ᠬᠦᠪᠡᠭᠡᠲᠦ ᠰᠢᠷ᠎ᠠ ᠬᠤᠰᠢᠭᠤᠨ᠎ᠳᠤ 《ᠴᠠᠭ᠋ᠠᠨᠵᠠᠭ᠋ᠠᠨ ᠬᠤᠨᠳᠠᠭ᠋ᠠᠳᠦ》 ᠮᠤᠨᠭ᠌ᠭᠤᠯ ᠪᠦᠬᠡ ᠵᠢᠨ ᠱᠠᠨᠭ᠌ᠨᠠᠯᠲᠦ ᠤᠷᠤᠯᠳᠤᠭ᠋ᠠᠨ᠎ᠢ ᠰᠡᠳᠦᠵᠤ ᠬᠢᠭᠰᠡᠡ ᠪᠠᠢ᠍ᠢ᠍ᠪᠠ᠃ ᠡᠭᠦᠨ᠎ᠤ ᠳᠠᠷᠠᠭ᠋ᠠᠪᠠᠷ ᠮᠤᠨᠭ᠌ᠭᠤᠯ ᠪᠦᠬᠡ ᠵᠢᠨ ᠴᠤᠯᠠ ᠤᠯᠭᠤᠬᠤ ᠤᠷᠤᠯᠳᠤᠭ᠋ᠠᠨ᠂ ᠶᠡᠬᠡ ᠱᠠᠨᠭ᠌ᠨᠠᠯᠲᠦ ᠤᠷᠤᠯᠳᠤᠭ᠋ᠠᠨ ᠭᠡᠭᠦᠴᠢᠯᠡᠨ ᠰᠡᠳᠦᠵᠤ ᠬᠢᠭᠰᠡᠡ ᠪᠤᠯᠪᠠᠴᠤ ᠮᠦᠢ᠍ᠨᠭᠭᠦ ᠲᠦᠭᠦᠷᠢᠭ ᠬᠦᠷᠦᠯᠴᠡᠬᠦ ᠦᠭᠡᠢ᠎ᠠᠴᠠ ᠵᠡᠭᠦᠨ ᠦᠵᠦᠮᠦᠴᠢᠨ᠂ ᠪᠠᠷᠠᠭᠤᠨ ᠦᠵᠦᠮᠦᠴᠢᠨ᠂ ᠰᠤᠷᠭ᠋ᠠᠭᠤᠯᠢ á ­á ¡á ³ ᠲᠤᠰᠠᠯᠠᠮᠵᠢ ᠳᠡᠮᠵᠢᠯᠭᠡ ᠭᠤᠶᠤᠵᠤ ᠪᠠᠳᠢᠷᠯᠠᠨ ᠪᠠᠢ᠍ᠢ᠍ᠵᠤ ᠬᠢᠵᠤ᠂ ᠦᠢ᠍ᠯᠡ᠎ᠪᠠᠨ ᠪᠠᠷᠠᠵᠤ ᠦᠰᠦ᠎ᠪᠠᠨ ᠲᠡᠭᠦᠵᠤ ᠪᠠᠢ᠍ᠢ᠍ᠭ᠋ᠠᠳ ᠬᠡᠳᠦᠨ ᠵᠢᠯ᠎ᠤᠨ ᠡᠮᠦᠨ᠎ᠡ á °á  á ¶á ¢ ᠵᠠᠷᠤᠳᠠᠯ ᠰᠦᠢ᠍ᠳᠭᠡᠯ᠎ᠤᠨ ᠲᠠᠯ᠎ᠠ᠎ᠪᠠᠷ ᠠᠢ᠍ᠢ᠍ᠮᠠᠭ᠎ᠤᠨ ᠲᠤᠰᠬᠠᠢ ᠲᠦᠯᠦᠪᠯᠡᠭᠡ᠎ᠳᠤ ᠤᠯᠵᠤ ᠤᠷᠤᠭᠤᠯᠤᠭᠰᠠᠠ ᠠᠵᠢ᠃ ᠡᠳᠡᠭᠡᠷ ᠵᠢᠯ᠎ᠳᠤ ᠨᠠᠢ᠍ᠢ᠍ᠷ ᠤᠯᠠᠰᠢᠷᠠᠵᠤ᠂ ᠨᠠᠢ᠍ᠢ᠍ᠷ᠎ᠤᠨ ᠱᠠᠩ ᠦᠨᠳᠦᠷ ᠪᠤᠯᠤᠭᠰᠠᠠ᠎ᠳᠤ ᠵᠠᠷᠢᠮ ᠪᠦᠬᠡᠴᠢᠳ ᠱᠠᠩ᠎ᠢ ᠬᠠᠷᠠᠬᠤ ᠪᠤᠯᠤᠭᠰᠠᠠ᠂ ᠱᠠᠨᠭ᠌ᠨᠠᠯ᠎ᠤᠨ ᠵᠦᠷᠢᠶ᠎ᠡ ᠬᠡᠳᠦ ᠶᠡᠬᠡ ᠪᠤᠯᠤᠭᠰᠠᠠ᠎ᠠᠴᠠ ᠬᠠᠷᠢᠯᠴᠠᠨ 《ᠮᠠᠢ᠍ᠢ᠍ᠮᠠᠢ ᠬᠢᠵᠤ》 ᠱᠠᠩ ᠵᠶ᠋ᠠᠨ ᠬᠤᠪᠢᠶᠠᠯᠴᠠᠵᠤ ᠦᠵᠡᠭᠴᠢᠳ᠎ᠢ ᠲᠤᠷ᠎ᠠ ᠦᠭᠡᠢ᠍ᠢ᠍ᠴᠡᠭᠦᠯᠬᠦ ᠨᠠᠵᠠᠭ᠋ᠠᠢ ᠦᠵᠡᠭᠳᠡᠯ ᠢᠯᠡᠷᠡᠵᠤ ᠪᠠᠢ᠍ᠢ᠍ᠭ᠎ᠠ ᠵᠢ ᠲᠡᠷᠡ᠎ᠪᠠᠷ ᠨᠢᠭᠡᠨ ᠵᠡᠷᠭᠡ ᠰᠢᠭᠦᠮᠵᠢᠯᠡᠪᠡ᠃     ᠡᠨᠡ ᠪᠦᠬᠦᠢ ᠦᠨᠭᠭᠡᠷᠡᠯᠲᠡ ᠤᠴᠠᠷᠠᠯ᠎ᠠᠴᠠ᠎ᠪᠠᠨ ᠲᠡᠷᠡ᠄ 《ᠪᠦᠬᠡ ᠵᠢᠨ ᠰᠤᠶᠤᠯ ᠪᠦᠬᠡ ᠵᠢᠨ ᠦᠢ᠍ᠯᠡᠰ᠎ᠢ ᠡᠷᠡᠭᠦᠯ ᠢᠢ᠍ᠡᠷ ᠬᠦᠭᠵᠢᠭᠦᠯᠬᠦ᠎ᠳᠤ᠂ ᠮᠠᠨ᠎ᠤ ᠪᠦᠬᠡᠴᠢᠳ ᠪᠦᠬᠡ ᠵᠢᠨ ᠰᠤᠶᠤᠯ ᠵᠶ᠋ᠠᠨ ᠬᠦᠨᠳᠦᠳᠭᠡᠬᠦ᠂ á  á ·á  á ³ ᠲᠦᠮᠡᠨ ᠵᠶ᠋ᠠᠨ ᠬᠦᠨᠳᠦᠳᠭᠡᠬᠦ᠂ ᠦᠵᠡᠭᠴᠢ ᠲᠦᠮᠡᠨ ᠵᠶ᠋ᠠᠨ ᠪᠠᠶᠠᠰᠬᠠᠬᠤ ᠡᠭᠦᠳᠡᠨ᠎ᠠᠴᠠ ᠪᠠᠷᠢᠯᠳᠤᠬᠤ ᠬᠡᠷᠡᠭᠲᠡᠢ; ᠳᠦᠷᠢᠮᠵᠢᠯ᠎ᠤᠨ ᠬᠤᠪᠢ᠎ᠳᠤ᠂ ᠪᠦᠬᠡ ᠵᠢᠨ ᠬᠠᠮᠢᠶᠠᠷᠤᠯᠲᠠ ᠵᠢ ᠴᠢᠨᠭ᠌ᠭ᠋ᠠᠳᠬᠠᠵᠤ᠂ ᠪᠦᠬᠡ ᠵᠢᠨ ᠳᠦᠷᠢᠮ᠂ ᠬᠢᠨᠠᠭᠴᠢ ᠵᠢᠨ ᠳᠦᠷᠢᠮ᠂ ᠤᠷᠤᠯᠳᠤᠭ᠋ᠠᠨ᠎ᠤ ᠳᠦᠷᠢᠮ᠂ ᠨᠠᠢ᠍ᠢ᠍ᠷ᠎ᠤᠨ ᠳᠦᠷᠢᠮ᠎ᠢ ᠪᠦᠷ ᠬᠠᠤᠯᠢ ᠵᠢᠨ ᠬᠦᠴᠦᠨ᠎ᠲᠠᠢ ᠪᠤᠯᠭ᠋ᠠᠵᠤ ᠬᠡᠷᠡᠭᠵᠢᠭᠦᠯᠬᠦ ᠬᠡᠷᠡᠭᠲᠡᠢ ᠪᠠᠢ᠍ᠢ᠍ᠨ᠎ᠠ》 ᠭᠡᠵᠤ ᠦᠵᠡᠯᠲᠡ᠎ᠪᠠᠨ ᠶᠠᠷᠢᠯ᠎ᠠ᠃

ᠢᠷᠡᠯᠲᠡ᠄ ᠦᠪᠦᠷ ᠮᠤᠩᠭᠤᠯ᠎ᠤᠨ ᠡᠳᠦᠷ᠎ᠤᠨ ᠰᠤᠨᠢᠨ
          
ᠬᠠᠮᠢᠶ᠎ᠡ ᠪᠦᠬᠦᠢ ᠰᠣᠨᠢᠨ
ᠦᠪᠦᠷ ᠮᠤᠩᠭᠤᠯ᠎ᠤᠨ ᠠᠩᠬᠠᠳᠠᠭᠴᠢ ᠤᠯᠢᠮᠫᠢᠺ᠎ᠤᠨ ᠠᠪᠤᠷᠭᠤ — ᠵᠠᠩ ᠰᠢᠶᠤᠤ ᠫᠢᠩ
ᠲᠡᠯᠡᠬᠡᠢ ᠵᠢᠨ ᠠᠪᠤᠷᠭᠤ ᠵᠢᠨ ᠱᠠᠩᠨᠠᠯ᠎ᠢ ᠬᠦᠷᠳᠡᠭᠴᠢ ᠬᠠᠳᠠᠨᠪᠠᠭ᠋ᠠᠳᠤᠷ
ᠠᠯᠳᠠᠨ ᠮᠸᠳᠠᠯ᠎ᠤᠨ ᠡᠵᠡᠨ — ᠴᠢᠨᠳᠠᠭ᠎ᠠ
ᠰᠢᠨ᠎ᠡ ᠦᠵᠡᠯ ᠰᠠᠨᠠᠭ᠎ᠠ᠎ᠪᠠᠷ ᠰᠢᠨ᠎ᠡ ᠴᠠᠭ ᠦᠶ᠎ᠡ ᠵᠢᠨ ᠮᠠᠨ᠎ᠤ ᠣᠷᠣᠨ᠎ᠤ ᠪᠡᠶ᠎ᠡ ᠵᠢᠨ ᠲᠠᠮᠢᠷ᠎ᠤᠨ ᠦᠢ᠍ᠯᠡᠰ᠎ᠢ ᠬᠥᠲᠥᠯᠥᠨ ᠳᠠᠭ᠋ᠠᠭᠤᠯᠵᠦ ᠲᠣᠮᠣ ᠠᠯᠬᠤᠮ ᠵᠶ᠋ᠠᠷ ᠤᠷᠤᠭᠰᠢᠯᠠᠵᠤ ᠪᠠᠶ᠋ᠢᠨᠠᠮ
ᠮᠣᠩᠭᠤᠯ ᠪᠦᠬᠡ ᠵᠢᠨ ᠠᠯᠲᠠᠷ ᠵᠶ᠋ᠠᠨ ᠲᠠᠶᠠᠭ᠋ᠠᠷ᠎ᠲᠤ ᠲᠠᠨᠢᠭᠤᠯᠣᠨ᠎ᠠ
 
            