ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠪᠠᠶ᠋ᠢᠳᠠᠯ
2023 ᠣᠨ᠎ᠤ 《ᠪᠡᠯᠭᠦᠳᠡᠢ》 ᠬᠤᠨᠳᠠᠭ᠋ᠠᠲᠤ ᠮᠤᠩᠭᠤᠯ ᠪᠦᠬᠡ ᠵᠢᠨ ᠪᠠᠭ ᠨᠢᠭᠡᠴᠢ ᠵᠢᠨ ᠪᠠᠷᠢᠯᠳᠤᠭ᠋ᠠᠨ ᠵᠢᠴᠢ ᠮᠤᠩᠭᠤᠯ ᠪᠦᠬᠡ ᠵᠢᠨ ᠠᠪᠠᠭ᠎ᠠ ᠮᠠᠶᠢᠭ᠎ᠤᠨ ᠤᠷᠤᠯᠳᠤᠭ᠋ᠠᠨ ᠶᠠᠪᠤᠭᠳᠠᠪᠠ
ᠨᠡᠶ᠋ᠢᠲᠡᠯᠡᠭᠰᠡᠨ ᠴᠠᠭ᠄ 2023-10-20

    ᠪᠡᠯᠭᠦᠳᠡᠢ ᠪᠠᠯᠭ᠋ᠠᠰᠣᠨ᠎ᠤ ᠠᠯᠳᠠᠨᠬᠠᠩᠭ᠋ᠠᠢ ᠭᠠᠴᠠᠭ᠋ᠠᠨ᠎ᠤ ᠵᠦᠯᠭᠡ ᠨᠤᠭᠤᠭ᠋ᠠᠨ ᠳᠠᠪᠵᠢᠶᠡᠨ ᠲᠡᠭᠡᠷ᠎ᠡ ᠠᠪᠠᠭ᠎ᠠ ᠬᠤᠰᠢᠭᠤᠨ᠎ᠤ 2023 ᠣᠨ᠎ᠤ 《ᠪᠡᠯᠭᠦᠳᠡᠢ》 ᠬᠤᠨᠳᠠᠭ᠋ᠠᠲᠤ ᠮᠤᠩᠭᠤᠯ ᠪᠦᠬᠡ ᠵᠢᠨ ᠪᠠᠭ ᠨᠢᠭᠡᠴᠢ ᠵᠢᠨ ᠪᠠᠷᠢᠯᠳᠤᠭ᠋ᠠᠨ ᠵᠢᠴᠢ ᠮᠤᠩᠭᠤᠯ ᠪᠦᠬᠡ ᠵᠢᠨ ᠠᠪᠠᠭ᠎ᠠ ᠮᠠᠶᠢᠭ᠎ᠤᠨ ᠤᠷᠤᠯᠳᠤᠭ᠋ᠠᠨ ᠶᠠᠪᠤᠭᠳᠠᠭᠰᠠᠨ ᠪᠠᠶ᠋ᠢᠨ᠎ᠠ᠃

    1981 ᠣᠨ᠎ᠳᠤ ᠠᠪᠠᠭ᠎ᠠ ᠨᠣᠳᠤᠭ᠎ᠤᠨ ᠲᠥᠮᠡᠨ᠎ᠤ ᠰᠤᠶᠤᠷᠬᠠᠯᠲᠤ ᠠᠪᠤᠷᠭᠤ ᠨᠠᠶ᠋ᠢᠲᠠᠨ ᠵᠤᠬᠢᠶᠠᠨ ᠪᠠᠶ᠋ᠢᠭᠤᠯᠤᠨ ᠶᠠᠪᠤᠭᠳᠠᠭᠤᠯᠵᠤ   ᠪᠠᠶ᠋ᠢᠭᠰᠠᠨ   ᠪᠠᠭ   ᠨᠢᠭᠡᠴᠢ   ᠵᠢᠨ   ᠪᠠᠷᠢᠯᠳᠤᠭ᠋ᠠᠨ á Žá ¢   ᠨᠢᠳᠤᠨᠤᠨ á Žá  á ´á     ᠠᠪᠠᠭ᠎ᠠ ᠬᠤᠰᠢᠭᠤᠨ᠎ᠤ 《ᠪᠡᠯᠭᠦᠳᠡᠢ》 ᠪᠦᠬᠡ ᠵᠢᠨ ᠨᠡᠶ᠋ᠢᠭᠡᠮᠯᠢᠭ᠎ᠠᠴᠠ ᠦᠷᠭᠦᠯᠵᠢᠯᠡᠨ ᠰᠡᠷᠭᠦᠭᠡᠵᠦ ᠶᠠᠪᠤᠭᠳᠠᠭᠤᠯᠤᠭᠰᠠᠨ ᠪᠢᠯᠡ᠃ ᠪᠠᠭ ᠨᠢᠭᠡᠴᠢ ᠵᠢᠨ ᠪᠠᠷᠢᠯᠳᠤᠭ᠋ᠠᠨ᠎ᠳᠤ ᠨᠠᠷᠠᠨᠪᠣᠯᠠᠭ ᠰᠤᠮᠤ ᠲᠡᠷᠢᠭᠦᠯᠡᠵᠦ᠂ ᠶᠡᠬᠡᠭᠤᠣᠯ ᠰᠣᠮᠣ ᠳᠡᠳ᠋ᠯᠡᠨ᠂ ᠪᠡᠯᠭᠦᠳᠡᠢ ᠪᠠᠯᠭ᠋ᠠᠰᠤ᠂ ᠴᠠᠭ᠋ᠠᠨᠨᠠᠭᠤᠷ ᠪᠠᠯᠭ᠋ᠠᠰᠣᠨ᠎ᠤ ᠪᠠᠭ ᠲᠤᠰ ᠲᠤᠰ ᠭᠤᠷᠪᠠ ᠲᠥᠷᠪᠡ᠎ᠳᠤ ᠲᠤᠳᠤᠷᠠᠵᠠᠢ᠃ ᠵᠠᠩᠭᠢᠶ᠎ᠠ ᠦᠭᠡᠢ 32 ᠵᠠᠯᠠᠭᠤ ᠪᠦᠬᠡᠴᠤᠳ᠎ᠤᠨ ᠪᠠᠷᠢᠯᠳᠤᠭ᠋ᠠᠨ᠎ᠳᠤ ᠪᠠᠶᠠᠨᠳᠤᠭ ᠰᠤᠮᠤᠨ᠎ᠤ ᠭᠠᠨᠳᠢᠭ 5 ᠳᠠᠪᠠᠨ ᠲᠡᠷᠢᠭᠦᠯᠡᠵᠦ᠂ ᠨᠠᠷᠠᠨᠪᠣᠯᠠᠭ ᠰᠣᠮᠣᠨ᠎ᠤ ᠰᠤᠪᠤᠷᠭ᠎ᠠ ᠳᠡᠳ᠋ᠯᠡᠨ᠂ ᠴᠠᠭ᠋ᠠᠨᠨᠠᠭᠤᠷ ᠪᠠᠯᠭ᠋ᠠᠰᠤᠨ᠎ᠤ ᠲᠥᠭᠦᠷᠠᠩᠭ᠎ᠠ᠂ ᠶᠡᠬᠡᠭᠤᠣᠯ ᠰᠣᠮᠣᠨ᠎ᠤ ᠨᠠᠶ᠋ᠢᠷᠰᠠᠭ ᠲᠤᠰ ᠲᠤᠰ ᠲᠡᠭᠡᠲᠦ ᠲᠥᠷᠪᠡ᠎ᠳᠤ ᠳᠡᠪᠢᠵᠡᠢ᠃ 16 ᠬᠤᠣᠰ ᠰᠢᠯᠢᠳᠡᠭ ᠪᠦᠬᠡ ᠵᠢᠨ ᠪᠠᠷᠢᠯᠳᠤᠭ᠋ᠠᠨ᠎ᠳᠤ ᠴᠠᠭ᠋ᠠᠨᠨᠠᠭᠤᠷ ᠪᠠᠯᠠᠭ᠋ᠠᠰᠣᠨ᠎ᠤ ᠴᠠᠶ᠋ᠢᠯᠭ᠋ᠠᠨ ᠲᠡᠷᠢᠭᠦᠯᠡᠵᠦ᠂ ᠠᠶ᠋ᠢᠮᠠᠭ᠎ᠤᠨ ᠬᠠᠷᠴᠠᠭ᠋ᠠᠢ ᠪᠡᠯᠭᠦᠳᠡᠢ ᠵᠢᠨ ᠠᠯᠳᠠᠨᠳᠣᠭᠤᠯᠭ᠎ᠠ ᠳᠡᠳ᠋ᠯᠡᠨ᠂ ᠠᠶ᠋ᠢᠮᠠᠭ᠎ᠤᠨ ᠨᠠᠴᠢᠨ ᠪᠡᠯᠭᠦᠳᠡᠢ ᠵᠢᠨ ᠠᠮᠢᠨᠪᠦ᠋ᠬᠡ᠂ ᠪᠠᠶᠠᠨᠳᠤᠭ᠎ᠤᠨ ᠭᠠᠨᠳᠢᠭ ᠲᠤᠰ ᠲᠤᠰ ᠲᠡᠭᠡᠲᠦ ᠲᠥᠷᠪᠡ᠎ᠳᠤ ᠳᠡᠪᠢᠵᠤ᠂ ᠲᠤᠬᠤᠮ᠎ᠤᠨ ᠪᠠᠷᠢᠯᠳᠤᠭ᠋ᠠᠨ᠎ᠳᠤ ᠪᠠᠶᠠᠨᠳᠤᠭ᠎ᠤᠨ ᠪᠤᠯᠠᠭ ᠲᠡᠷᠢᠭᠦᠯᠡᠵᠦ᠂ ᠪᠡᠯᠭᠦᠳᠡᠢ ᠵᠢᠨ ᠳᠠᠪᠰᠢᠯᠲᠠ ᠳᠡᠳ᠋ᠯᠡᠨ᠂ ᠴᠠᠭ᠋ᠠᠨᠨᠠᠭᠤᠷ᠎ᠤᠨ ᠳᠤᠷᠠᠰᠬᠠᠯ᠂ ᠪᠡᠯᠭᠦᠳᠡᠢ ᠵᠢᠨ ᠲᠥᠭᠦᠷᠠᠩᠭ᠎ᠠ ᠲᠤᠰ ᠲᠤᠰ ᠲᠡᠭᠡᠲᠦ ᠲᠥᠷᠪᠡ᠎ᠳᠤ ᠳᠡᠪᠢᠭᠰᠡᠨ ᠪᠠᠶ᠋ᠢᠨ᠎ᠠ᠃ ᠡᠭᠦᠨ᠎ᠤ ᠬᠠᠮᠲᠤ ᠵᠢᠷᠭ᠋ᠠᠯᠠᠩᠲᠤ ᠰᠤᠮᠤ᠂ ᠪᠠᠶᠠᠨᠳᠤᠭ ᠰᠤᠮᠤ᠂ ᠬᠤᠩᠭᠤᠷᠭᠤᠣᠯ ᠪᠠᠯᠭ᠋ᠠᠰᠤ ᠵᠢ ᠲᠤᠰ ᠲᠤᠰ ᠰᠢᠯᠢᠳᠡᠭ ᠵᠤᠬᠢᠶᠠᠨ ᠪᠠᠶ᠋ᠢᠭᠤᠯᠤᠭᠴᠢ᠂ ᠰᠢᠯᠢᠳᠡᠭ ᠳᠠᠶ᠋ᠢᠴᠢᠯᠠᠭᠴᠢ᠂ ᠪᠣᠯᠪᠠᠰᠤᠨ ᠨᠢᠭᠡᠴᠢ᠎ᠪᠠᠷ ᠱᠠᠩᠨᠠᠨ ᠤᠷᠮᠠᠰᠢᠭᠤᠯᠵᠠᠢ᠃

ᠢᠷᠡᠯᠲᠡ᠄ ᠠᠪᠠᠭ᠎ᠠ ᠬᠤᠰᠢᠭᠤᠨ᠎ᠤ ᠬᠠᠮ ᠵᠠᠭᠤᠴᠢᠯᠠᠭᠤᠷ᠎ᠤᠨ ᠲᠥᠪ
          
ᠬᠠᠮᠢᠶ᠎ᠡ ᠪᠦᠬᠦᠢ ᠰᠣᠨᠢᠨ
2023 ᠣᠨ᠎ᠤ ᠪᠥᠬᠥ ᠣᠷᠣᠨ᠎ᠤ ᠠᠷᠪᠠᠨ ᠨᠢᠭᠡᠳᠦᠭᠡᠷ ᠬᠤᠭᠤᠴᠠᠭ᠋ᠠᠨ᠎ᠤ U25 ᠵᠠᠯᠠᠭᠤᠴᠤᠳ᠎ᠤᠨ ᠪᠥᠬᠡ ᠵᠢᠨ ᠤᠷᠤᠯᠳᠤᠭ᠋ᠠᠨ ᠶᠠᠪᠤᠭᠳᠠᠪᠠ
ᠤᠯᠠᠮᠵᠢᠯᠠᠯᠲᠤ ᠪᠡᠶ᠎ᠡ ᠵᠢᠨ ᠲᠠᠮᠢᠷ᠎ᠤᠨ ᠲᠥᠷᠥᠯ ᠵᠦᠢ᠍ᠯ᠎ᠢ ᠬᠦᠭᠵᠢᠭᠦᠯᠬᠦ ᠵᠢᠨ ᠤᠴᠢᠷ
 
            