ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠲᠦᠷᠦᠯ ᠵᠦᠢᠯ
ᠠᠷᠭ᠋ᠠᠢ ᠬᠠᠷᠪᠤᠬᠤ ᠨᠠᠭ᠋ᠠᠳᠤᠮ
ᠨᠡᠶ᠋ᠢᠲᠡᠯᠡᠭᠰᠡᠨ ᠴᠠᠭ᠄ 2024-03-07

    á  á ·á ­á ‹á  á ¢ ᠬᠠᠷᠪᠤᠬᠤ ᠨᠠᠭ᠋ᠠᠳᠤᠮ ᠪᠣᠯ ᠮᠣᠩᠭᠤᠯᠴᠤᠳ᠎ᠤᠨ ᠤᠯᠠᠮᠵᠢᠯᠠᠯᠲᠤ ᠮᠦᠰᠦᠨ ᠳᠡᠭᠡᠷᠡᠬᠢ ᠪᠡᠶ᠎ᠡ ᠲᠠᠮᠢᠷ᠎ᠤᠨ ᠬᠦᠳᠡᠯᠭᠡᠭᠡᠨ ᠶᠤᠮ᠃ ᠤᠯᠠᠭ᠋ᠠᠨᠬᠠᠳᠠ ᠬᠣᠲᠠ ᠵᠢᠨ á  á ·á ¤ ᠬᠣᠷᠴᠢᠨ ᠬᠣᠰᠢᠭᠤ ᠵᠢᠨ ᠤᠤᠯ᠎ᠤᠨ ᠪᠠᠶᠠᠨᠪᠤᠯᠠᠭ ᠰᠣᠮᠤ ᠵᠢᠨ ᠠᠮᠠᠰᠠᠷ᠂ ᠪᠣᠷᠤᠬᠣᠲᠠ ᠪᠣᠯᠤᠨ ᠴᠠᠭ᠋ᠠᠠᠠᠣᠪᠤᠭ᠎ᠠ ᠵᠡᠷᠭᠡ ᠭᠠᠴᠠᠭ᠎ᠠ᠎ᠳᠤ ᠣᠳᠣ ᠪᠣᠯᠲᠠᠯ᠎ᠠ ᠤᠯᠠᠮᠵᠢᠯᠠᠭᠳᠠᠵᠤ ᠪᠣᠢ᠃
    ᠮᠣᠩᠭᠤᠯᠴᠤᠳ ᠦᠬᠡᠷ᠂ ᠲᠡᠮᠡᠭᠡ ᠵᠡᠷᠭᠡ ᠪᠤᠳᠠ ᠮᠠᠯ ᠪᠣᠯᠤᠨ ᠪᠤᠭᠤ ᠵᠡᠷᠭᠡ ᠲᠣᠷᠤᠭ ᠠᠩ᠎ᠤᠨ ᠱᠠᠭ᠎ᠠ ᠵᠢ ᠵᠠᠰᠠᠵᠤ ᠶᠠᠩᠵᠤᠯᠠᠭ᠋ᠠᠳ á  á ·á ­á ‹á  á ¢ ᠭᠡᠳᠡᠭ᠃ ᠡᠳᠡᠭᠡᠷ ᠱᠠᠭ᠎ᠠ ᠵᠢ ᠬᠠᠷᠪᠤᠨ ᠨᠠᠭ᠋ᠠᠳᠬᠤ á  á ·á ­á ‹á  á ¢ ᠪᠣᠯᠭ᠋ᠠᠨ ᠵᠠᠰᠠᠬᠤ᠎ᠳᠤ᠂ ᠳᠡᠭᠡᠷᠡᠬᠢ ᠰᠢᠷᠪᠦᠰᠦ ᠰᠢᠨᠳᠠᠰᠤ ᠲᠣᠰᠤ ᠪᠤᠷᠲᠠᠭ ᠵᠢ᠎ᠨᠢ ᠴᠡᠪᠡᠷᠯᠡᠨ ᠬᠠᠶᠠᠵᠤ᠂ ᠪᠦᠭᠡ ᠪᠣᠯᠤᠨ á ´á ¡á ­á ¡ ᠲᠠᠯ᠎ᠠ ᠵᠢ᠎ᠨᠢ ᠬᠠᠪᠲᠠᠭ᠋ᠠᠢ᠌ᠯᠠᠨ ᠴᠠᠪᠴᠢᠨ᠎ᠠ᠃ ᠪᠠᠷᠤᠭ ᠤᠤᠯ ᠱᠠᠭ᠎ᠠ ᠵᠢᠨ ᠬᠠᠭ᠋ᠠᠰ ᠢᠯᠡᠭᠦᠦ ᠵᠢ ᠦᠯᠡᠳᠡᠭᠡᠵᠦ᠂ ᠪᠦᠭᠡ ᠲᠠᠯ᠎ᠠ ᠵᠢᠨ ᠭᠣᠣᠯ ᠳᠤᠮᠳᠠ᠎ᠨᠢ ᠨᠦᠬᠡᠯᠡᠵᠦ᠂ á ´á  á ­á ‹á  á ¨ ᠲᠤᠭᠤᠯᠭ᠎ᠠ ᠴᠢᠳᠬᠤᠨ ᠣᠷᠤᠭᠤᠯᠳᠠᠭ᠃ ᠡᠨᠡ᠎ᠨᠢ á  á ·á ­á ‹á  á ¢ ᠵᠢᠨ ᠬᠦᠨᠳᠦᠴᠡ ᠵᠢ ᠨᠡᠮᠡᠭᠳᠡᠭᠦᠯᠬᠦ ᠦᠢ᠍ᠯᠡᠳᠦᠯ᠎ᠲᠠᠢ᠃ ᠬᠠᠷᠢᠨ ᠣᠨᠴᠠ ᠵᠠᠷᠢᠮ ᠰᠠᠢ᠌ᠨ ᠱᠠᠭ᠎ᠠ᠎ᠨᠢ ᠲᠣᠭᠤᠯᠭ᠎ᠠ ᠦᠭᠡᠢ᠎ᠪᠠᠷ ᠴᠦ᠍ á  á ·á ­á ‹á  á ¢ ᠪᠣᠯᠭ᠋ᠠᠨ ᠬᠠᠷᠪᠤᠵᠤ ᠪᠣᠯᠳᠠᠭ᠃
    á  á ·á ­á ‹á  á ¢ ᠵᠢ ᠮᠦᠰᠦᠨ ᠳᠡᠭᠡᠷ᠎ᠡ ᠬᠠᠷᠪᠤᠬᠤ᠎ᠳᠤ᠂ ᠪᠦᠭᠡ ᠲᠠᠯ᠎ᠠ ᠵᠢ᠎ᠨᠢ ᠳᠡᠭᠡᠭᠰᠢ ᠬᠠᠷᠠᠭᠤᠯᠤᠨ ᠪᠠᠷᠢᠵᠤ᠂ ᠡᠷᠡᠬᠡᠢ ᠪᠣᠯᠤᠨ ᠳᠣᠯᠢᠶᠠᠪᠤᠷ ᠬᠤᠷᠤᠭᠤ ᠵᠢᠨ ᠨᠢᠳᠡᠷᠡᠬᠦ ᠬᠦᠴᠦ᠎ᠪᠠᠷ ᠬᠣᠯᠠ ᠵᠦᠭ ᠡᠷᠭᠢᠯᠳᠦᠭᠦᠯᠦᠨ ᠶᠠᠪᠤᠭᠤᠯᠤᠨ᠎ᠠ᠃ ᠲᠡᠭᠦᠨ ᠵᠶ᠋ᠠᠷ ᠬᠠᠷᠠᠯᠲᠠ ᠪᠣᠯᠭ᠋ᠠᠵᠤ᠂ ᠪᠣᠰᠤᠳ ᠠᠷᠭ᠋ᠠᠢ᠎ᠪᠠᠷ ᠣᠨᠢᠯᠠᠨ ᠬᠠᠷᠪᠤᠵᠤ᠂ ᠣᠨᠤᠭ᠋ᠠᠭᠰᠠᠨ ᠪᠣᠯ ᠳᠡᠢ᠌ᠯᠦᠭᠰᠡᠨ᠎ᠳᠤ ᠣᠷᠤᠨ᠎ᠠ᠃ ᠡᠢ᠌ᠮᠦ᠎ᠠᠴᠠ᠂ ᠡᠨᠡᠬᠦ ᠨᠠᠭ᠋ᠠᠳᠤᠮ᠎ᠢ ᠬᠣᠶᠠᠷ ᠬᠦᠮᠦᠨ ᠴᠦ᠍ ᠨᠠᠭ᠋ᠠᠳᠴᠤ ᠪᠣᠯᠬᠤ ᠪᠦᠭᠡᠳ ᠤᠷᠤᠯᠴᠠᠬᠤ ᠬᠦᠮᠦᠨ ᠣᠯᠠᠨ ᠪᠣᠯ ᠨᠡᠩ ᠬᠦᠭᠵᠢᠶᠡᠨ᠎ᠲᠠᠢ ᠪᠣᠯᠳᠠᠭ᠃ ᠭᠡᠪᠡᠴᠦ᠂ ᠭᠤᠷᠪᠠ ᠲᠠᠪᠤᠨ ᠬᠦᠮᠦᠨ ᠨᠢᠭᠡ ᠨᠠᠭ᠋ᠠᠳᠤᠮ ᠪᠣᠯᠪᠠᠯ ᠬᠠᠮᠤᠭ ᠲᠣᠬᠢᠷᠠᠮᠵᠢᠲᠠᠢ᠃ ᠲᠤᠰ ᠨᠠᠭ᠋ᠠᠳᠤᠮ᠎ᠤᠨ ᠱᠦᠭᠦᠯᠴᠡᠭᠡᠨ᠎ᠳᠤ ᠬᠣᠨᠢ ᠢᠮᠠᠭ᠋ᠠᠨ ᠱᠠᠭ᠎ᠠ ᠲᠠᠯᠪᠢᠨ᠎ᠠ᠃
    ᠡᠷᠲᠡ ᠳᠡᠭᠡᠳᠦ ᠵᠢᠨ á  á ·á ¤ ᠬᠣᠷᠴᠢᠨ ᠪᠣᠯ ᠬᠣᠷᠴᠢᠨ ᠠᠢ᠌ᠮᠠᠭ᠎ᠤᠨ ᠨᠢᠭᠡ ᠰᠠᠯᠠᠭ᠎ᠠ᠎ᠨᠢ ᠪᠠᠢ᠌ᠵᠤ᠂ ᠬᠠᠪᠤᠲᠤ ᠬᠠᠰᠠᠷ ᠪᠣᠯᠤᠨ ᠲᠡᠭᠦᠨ᠎ᠤ ᠦᠷ᠎ᠡ ᠬᠣᠢ᠌ᠴᠢᠰ ᠎ᠤᠨ ᠬᠠᠷᠢᠶᠠᠲᠤ ᠢᠷᠭᠡᠨ ᠶᠤᠮ᠃ ᠠᠵᠢᠯᠴᠢ ᠪᠣᠷᠤᠭᠵᠢᠭᠤᠨ ᠪᠦᠭᠡᠳ ᠡᠷᠡᠯᠬᠡᠭ ᠪᠠᠭ᠋ᠠᠳᠤᠷᠯᠢᠭ á  á ·á ¤ ᠬᠣᠷᠴᠢᠨ᠎ᠤ á  á ·á  á ³ ᠲᠦᠮᠡᠨ᠂ ᠦᠶ᠎ᠡ ᠵᠢᠨ ᠦᠶ᠎ᠡ᠎ᠳᠡᠭᠡᠨ ᠮᠠᠯᠵᠢᠬᠤ ᠦᠢ᠍ᠯᠡᠳᠪᠦᠷᠢᠯᠡᠯ ᠡᠷᠬᠢᠯᠡᠵᠦ᠂ á ­á ¡á ·á ¡á ¯ ᠰᠠᠴᠤᠷᠠᠩᠭᠤᠢ ᠨᠡᠭᠦᠳᠡᠯ ᠰᠣᠶᠣᠯ᠎ᠤᠨ ᠪᠣᠯᠪᠠᠰᠤᠨ᠎ᠢ ᠪᠦᠲᠦᠭᠡᠵᠦ᠂ ᠡᠷᠲᠡᠨ᠎ᠤ ᠮᠣᠩᠭᠤᠯ ᠤᠯᠠᠮᠵᠢᠯᠠᠯ ᠵᠶ᠋ᠠᠨ ᠴᠦ᠍ ᠵᠠᠯᠭ᠋ᠠᠮᠵᠢᠯᠠᠨ ᠢᠷᠡᠵᠡᠢ᠃ ᠡᠭᠦᠨ᠎ᠤ ᠨᠢᠭᠡ ᠵᠢᠱ᠌ᠢᠶ᠎ᠡ᠎ᠨᠢ á  á ·á ­á ‹á  á ¢ ᠬᠠᠷᠪᠤᠬᠤ ᠨᠠᠭ᠋ᠠᠳᠤᠮ ᠪᠣᠯᠤᠨ᠎ᠠ᠃ ᠡᠭᠦᠨ᠎ᠤ ᠳᠤᠬᠠᠢ᠂ 《ᠮᠣᠩᠭᠤᠯ᠎ᠤᠨ ᠨᠢᠭᠤᠴᠠ ᠲᠣᠪᠴᠢᠶᠠᠨ》 ᠪᠣᠯᠤᠨ 《ᠮᠠᠨᠳᠤᠬᠠᠢ ᠰᠡᠴᠡᠨ》 ᠵᠡᠷᠭᠡ ᠲᠡᠤᠬᠡ ᠵᠢᠨ ᠨᠣᠮ ᠵᠣᠬᠢᠶᠠᠯ᠎ᠳᠤ ᠪᠦᠷ ᠲᠡᠮᠳᠡᠭᠯᠡᠯ ᠪᠣᠢ᠃
    á  á ·á ­á ‹á  á ¢ ᠬᠠᠷᠪᠤᠬᠤ ᠨᠠᠭ᠋ᠠᠳᠤᠮ᠎ᠨᠢ ᠱᠠᠭ᠎ᠠ ᠨᠢᠰᠠᠯᠬᠤ ᠨᠠᠭ᠋ᠠᠳᠤᠮ᠎ᠠᠴᠠ ᠡᠭᠦᠰᠦᠯ᠎ᠲᠠᠢ᠃ ᠪᠤᠭ ᠮᠠᠯ᠎ᠤᠨ ᠱᠠᠭ᠎ᠠ ᠵᠢᠭ᠋ᠠᠬᠠᠨ ᠪᠣᠯᠬᠤᠷ᠂ ᠬᠦᠮᠦᠰ ᠲᠡᠭᠦᠨ᠎ᠢ ᠨᠢᠰᠠᠯᠠᠨ ᠨᠠᠭ᠋ᠠᠳᠴᠤ ᠪᠣᠯᠳᠠᠭ᠃ ᠬᠠᠷᠢᠨ ᠦᠬᠡᠷ᠎ᠤᠨ ᠱᠠᠭ᠎ᠠ ᠮᠡᠲᠦ á  á ·á ­á ‹á  á ¢ ᠵᠢ ᠨᠢᠰᠠᠯᠠᠭ᠋ᠠᠳ ᠶᠠᠪᠤᠭᠤᠯᠵᠤ ᠳᠡᠢ᠌ᠯᠬᠦ ᠦᠭᠡᠢ᠃ ᠡᠢ᠌ᠮᠦ᠎ᠠᠴᠠ᠂ ᠲᠡᠳᠡᠨ᠎ᠢ ᠮᠦᠰᠦᠨ ᠳᠡᠭᠡᠷ᠎ᠡ ᠭᠤᠯᠭᠤᠭᠤᠯᠵᠤ᠂ ᠨᠢᠭᠡ ᠵᠢ᠎ᠨᠢ ᠨᠦᠭᠦᠭᠡ᠎ᠪᠠᠷ᠎ᠨᠢ ᠬᠠᠷᠪᠤᠨ ᠣᠨᠤᠭ᠋ᠠᠬᠤ ᠨᠠᠭ᠋ᠠᠳᠤᠮ ᠪᠣᠢ ᠪᠣᠯᠵᠠᠢ᠃
    á  á ·á ­á ‹á  á ¢ ᠬᠠᠷᠪᠤᠬᠤ᠎ᠳᠤ᠂ ᠨᠠᠭ᠋ᠠᠳᠤᠮ᠎ᠳᠤ ᠣᠷᠤᠯᠴᠠᠭᠴᠢ᠎ᠠᠴᠠ ᠬᠠᠷᠠᠯᠲᠠ ᠵᠢᠨ á  á ·á ­á ‹á  á ¢ ᠵᠢ ᠦᠵᠡᠵᠦ᠂ ᠤᠷᠤᠭᠰᠢ᠎ᠪᠠᠨ ᠬᠡᠳᠦᠨ ᠠᠯᠬᠤᠮ ᠭᠦᠶᠦᠵᠦ᠂ ᠭᠠᠷ᠎ᠲᠠᠬᠢ ᠠᠷᠭ᠋ᠠᠢ᠎ᠪᠠᠷ ᠵᠶ᠋ᠠᠨ ᠬᠠᠷᠠᠯᠳᠡ᠎ᠪᠠᠨ ᠣᠨᠢᠯᠠᠵᠤ᠂ ᠡᠷᠡᠬᠡᠢ ᠬᠣᠷᠤᠭᠤ᠎ᠪᠠᠷ ᠵᠶ᠋ᠠᠨ ᠨᠢᠳᠡᠷᠡᠨ ᠶᠠᠪᠤᠭᠤᠯᠳᠠᠭ᠃ ᠡᠨᠡ ᠦᠶ᠎ᠡ᠎ᠳᠤ᠂ ᠬᠦᠮᠦᠨ᠎ᠤ ᠪᠡᠶ᠎ᠡ ᠵᠢᠨ ᠲᠡᠩᠴᠡᠭᠦᠷᠢ᠂ ᠠᠯᠬᠤᠮ ᠭᠦᠶᠦᠳᠡᠯ᠂ ᠮᠠᠭ᠋ᠠᠳᠯᠠᠬᠤ ᠴᠢᠳᠠᠪᠤᠷᠢ᠂ ᠨᠢᠳᠤ ᠪᠣᠯᠤᠨ ᠭᠠᠷ᠎ᠤᠨ ᠳᠡᠮ ᠪᠠ ᠬᠦᠴᠦ ᠵᠡᠷᠭᠡ᠎ᠨᠢ ᠪᠦᠷ ᠤᠶᠠᠯᠳᠤᠭᠰᠠᠨ ᠪᠠᠢ᠌ᠬᠤ ᠬᠡᠷᠡᠭᠲᠡᠢ᠃ ᠡᠢ᠌ᠮᠦ᠎ᠠᠴᠠ᠂ á  á ·á ­á ‹á  á ¢ ᠨᠠᠭ᠋ᠠᠳᠤᠮ᠎ᠢ ᠮᠦᠰᠦᠨ ᠳᠡᠭᠡᠷᠡᠬᠢ ᠲᠠᠮᠢᠷ᠎ᠤᠨ ᠬᠦᠳᠡᠯᠭᠡᠭᠡᠨ ᠭᠡᠵᠤ᠂ ᠡᠭᠦᠨ᠎ᠳᠤ ᠣᠷᠤᠯᠴᠠᠬᠤ ᠬᠦᠮᠦᠰ᠎ᠢ ᠠᠷᠭ᠋ᠠᠢ᠌ᠴᠢᠨ ᠭᠡᠳᠡᠭ᠃
    á  á ·á ­á ‹á  á ¢ ᠨᠠᠭ᠋ᠠᠳᠤᠮ᠎ᠳᠤ᠂ ᠬᠠᠮᠤᠭ ᠲᠡᠷᠢᠭᠦᠨ᠎ᠤ ᠬᠦᠮᠦᠨ ᠦᠪᠡᠷ᠎ᠤᠨ ᠨᠢᠭᠡ ᠠᠷᠭ᠋ᠠᠢ᠎ᠪᠠᠨ ᠬᠠᠷᠪᠤᠨ ᠶᠠᠪᠤᠭᠤᠯᠵᠤ᠂ ᠣᠨᠳᠤᠤ ᠨᠢᠭᠡ ᠠᠷᠭ᠋ᠠᠢ᠎ᠪᠠᠷ ᠲᠡᠭᠦᠨ ᠵᠶ᠋ᠠᠨ ᠬᠠᠷᠪᠤᠳᠠᠭ᠃ ᠬᠡᠷᠪᠡ ᠣᠨᠤᠭ᠋ᠠᠬᠤ᠎ᠳᠤ ᠬᠦᠷᠪᠡᠯ᠂ ᠡᠨᠡ ᠨᠢᠭᠡ ᠤᠳᠠᠭ᠎ᠠ ᠵᠢᠨ ᠨᠠᠭ᠋ᠠᠳᠤᠮ ᠳᠠᠭᠤᠰᠴᠤ᠂ ᠪᠣᠰᠤᠳ ᠬᠦᠮᠦᠨ᠎ᠤ ᠱᠠᠭ᠎ᠠ ᠪᠦᠷ ᠲᠡᠭᠦᠨ᠎ᠤ ᠪᠣᠯᠤᠨ᠎ᠠ᠃ ᠲᠡᠷᠢᠭᠦᠨ᠎ᠤ ᠬᠦᠮᠦᠨ ᠬᠡᠷᠪᠡ ᠣᠨᠤᠭ᠋ᠠᠭᠰᠠᠨ ᠦᠭᠡᠢ ᠪᠣᠯ᠂ ᠳᠠᠷᠠᠭ᠎ᠠ ᠵᠢᠨ ᠬᠦᠮᠦᠰ ᠬᠦᠮᠦᠨ ᠪᠦᠷᠢ ᠬᠣᠶᠠᠷ ᠤᠳᠠᠭ᠎ᠠ ᠬᠠᠷᠪᠤᠬᠤ ᠡᠷᠬᠡ᠎ᠲᠠᠢ᠃ ᠣᠨᠤᠭ᠋ᠠᠭᠰᠠᠨ ᠪᠣᠯ ᠮᠥᠨ ᠪᠦᠭᠦᠳᠡ ᠱᠠᠭ᠎ᠠ ᠵᠢ ᠠᠪᠤᠨ᠎ᠠ᠃ ᠬᠡᠷᠪᠡ ᠬᠠᠷᠠᠯᠲᠠ ᠵᠢᠨ á  á ·á ­á ‹á  á ¢ ᠵᠢ ᠬᠡᠨ ᠴᠦ᠍ ᠣᠨᠤᠭ᠋ᠠᠭᠰᠠᠨ ᠦᠭᠡᠢ ᠪᠣᠯ᠂ ᠮᠥᠨ ᠲᠡᠷᠢᠭᠦᠨ᠎ᠤ ᠬᠦᠮᠦᠨ ᠬᠠᠷᠠᠯᠲᠠ ᠵᠢᠨ ᠠᠷᠭ᠋ᠠᠢ᠎ᠪᠠᠨ ᠪᠤᠴᠠᠨ ᠬᠠᠷᠪᠤᠵᠤ᠂ ᠨᠠᠭ᠋ᠠᠳᠤᠮ᠎ᠤᠨ ᠱᠦᠭᠦᠯᠴᠡᠭᠡ᠎ᠳᠤ ᠲᠠᠯᠪᠢᠭᠰᠠᠨ ᠱᠠᠭ᠎ᠠ᠎ᠨᠤᠭᠤᠳ᠎ᠤᠨ ᠬᠠᠪᠢ᠎ᠳᠤ ᠵᠣᠭᠰᠤᠭ᠋ᠠᠳᠠᠭ᠃ ᠳᠠᠬᠢᠨ ᠨᠦᠭᠦᠭᠡ ᠠᠷᠭ᠋ᠠᠢ᠎ᠪᠠᠷ ᠲᠡᠭᠦᠨ ᠵᠶ᠋ᠠᠨ ᠬᠠᠷᠪᠤᠵᠤ᠂ ᠪᠣᠰᠤᠳ ᠬᠦᠮᠦᠨ ᠬᠠᠷᠪᠤᠬᠤ᠎ᠨᠢ ᠲᠦᠷᠦᠭᠦᠨ᠎ᠤ᠎ᠲᠠᠢ ᠠᠳᠠᠯᠢ᠃ ᠬᠡᠷᠪᠡ ᠬᠡᠨ ᠴᠦ᠍ ᠡᠨᠡᠬᠦ á  á ·á ­á ‹á  á ¢ ᠵᠢ ᠣᠨᠤᠭ᠋ᠠᠭᠰᠠᠨ ᠦᠭᠡᠢ ᠪᠣᠯ᠂ ᠲᠡᠷᠢᠭᠦᠨ᠎ᠤ ᠬᠦᠮᠦᠨ ᠲᠡᠭᠦᠨ ᠵᠶ᠋ᠠᠷ ᠵᠶ᠋ᠠᠨ ᠱᠦᠭᠦᠯᠴᠡᠭᠡ ᠵᠢᠨ ᠱᠠᠭ᠎ᠠ ᠵᠢ ᠬᠠᠷᠪᠤᠵᠤ᠂ ᠠᠷᠭ᠋ᠠᠢ᠎ᠲᠠᠢ᠎ᠨᠢ ᠠᠳᠠᠯᠢ ᠲᠠᠯ᠎ᠠ ᠭᠠᠷᠤᠭᠰᠠᠨ ᠱᠠᠭ᠎ᠠ ᠵᠢ ᠠᠪᠳᠠᠭ᠃ ᠡᠳᠡᠭᠡᠷ ᠪᠣᠯ ᠬᠠᠮᠤᠭ ᠲᠡᠷᠢᠭᠦᠨ᠎ᠳᠤ ᠬᠠᠷᠪᠤᠬᠤ ᠬᠦᠮᠦᠨ᠎ᠤ ᠠᠰᠢᠭ᠎ᠲᠠᠢ ᠵᠦᠢ᠍ᠯ ᠶᠤᠮ᠃
    á  á ·á ­á ‹á  á ¢ ᠬᠠᠷᠪᠤᠬᠤ ᠳᠡᠰ ᠳᠠᠷᠠᠭ᠎ᠠ ᠵᠢ ᠲᠣᠭᠳᠠᠭ᠋ᠠᠬᠤ᠎ᠳᠤ᠂ ᠬᠦᠮᠦᠨ ᠪᠦᠷᠢ ᠵᠢᠨ ᠨᠢᠭᠡ á  á ·á ­á ‹á  á ¢ ᠵᠢ ᠨᠡᠢ᠌ᠯᠡᠭᠦᠯᠦᠨ ᠪᠠᠷᠢᠵᠤ᠂ ᠵᠣᠬᠢᠬᠤ ᠦᠨᠳᠦᠷ ᠳᠡᠭᠡᠷ᠎ᠡ᠎ᠠᠴᠠ ᠮᠦᠰᠦᠨ ᠳᠡᠭᠡᠷ᠎ᠡ ᠬᠠᠶᠠᠵᠤ᠂ ᠭᠠᠷᠤᠭᠰᠠᠨ ᠲᠠᠯ᠎ᠠ᠎ᠪᠠᠷ᠎ᠨᠢ ᠦᠨᠳᠦᠰᠦ ᠪᠠᠷᠢᠮᠲᠠ ᠪᠣᠯᠭ᠋ᠠᠳᠠᠭ᠃ ᠡᠭᠦᠨ᠎ᠳᠤ᠂ ᠣᠯᠠᠨ ᠵᠦᠢ᠍ᠯ᠎ᠤᠨ á  á ·á ­á Žá   ᠪᠠᠢ᠌ᠵᠤ᠂ ᠣᠯᠠᠨ ᠵᠶ᠋ᠠᠷ ᠵᠶ᠋ᠠᠨ ᠬᠡᠯᠡᠯᠴᠡᠨ ᠪᠠᠢ᠌ᠵᠤ ᠲᠣᠭᠲᠠᠭ᠋ᠠᠳᠠᠭ᠃ ᠶᠡᠷᠦᠳᠡ᠎ᠪᠠᠨ᠂ ᠱᠠᠭ᠎ᠠ ᠵᠢᠨ ᠪᠦᠭᠡ᠂ á ´á ¡á ­á ¡á ‚ ᠮᠣᠷᠢ᠂ ᠲᠡᠮᠡᠭᠡ ᠵᠡᠷᠭᠡ ᠲᠠᠯ᠎ᠠ᠎ᠪᠠᠷ ᠳᠡᠰ ᠳᠠᠷᠠᠭ᠋ᠠᠯᠠᠯ ᠪᠣᠯᠭ᠋ᠠᠳᠠᠭ᠃ ᠭᠡᠪᠡᠴᠦ᠂ ᠨᠢᠭᠡ ᠤᠳᠠᠭ᠎ᠠ ᠵᠢᠨ ᠬᠠᠶᠠᠳᠠᠯ᠎ᠳᠤ ᠠᠳᠠᠯᠢ ᠲᠠᠯ᠎ᠠ᠎ᠨᠢ ᠣᠯᠠᠨ ᠭᠠᠷᠴᠤ᠂ ᠣᠨᠴᠠᠭ᠋ᠠᠢ ᠨᠢᠭᠡ ᠯᠡ ᠲᠠᠯ᠎ᠠ ᠪᠠᠢ᠌ᠪᠠᠯ᠂ ᠲᠡᠷᠡ᠎ᠨᠢ ᠬᠠᠮᠤᠭ ᠲᠡᠷᠢᠭᠦᠨ᠎ᠤ á  á ·á ­á ‹á  á ¢ ᠪᠣᠯᠳᠠᠭ᠃ ᠢᠩᠬᠢᠵᠦ ᠬᠡᠳᠦ ᠤᠳᠠᠭ᠎ᠠ ᠬᠠᠶᠠᠵᠤ᠂ ᠪᠦᠬᠦ ᠳᠡᠰ ᠳᠠᠷᠠᠭ᠋ᠠᠯᠠᠯ ᠵᠶ᠋ᠠᠨ ᠭᠠᠷᠭ᠋ᠠᠳᠠᠭ᠃
    á  á ·á ¤ ᠬᠣᠷᠴᠢᠨ᠎ᠳᠤ᠂ ᠨᠡᠯᠢᠶᠡᠳ ᠶᠡᠬᠡ ᠬᠡᠪᠴᠢᠶ᠎ᠡ ᠵᠢᠨ á  á ·á ­á ‹á  á ¢ ᠬᠠᠷᠪᠤᠬᠤ ᠮᠦᠷᠦᠢ᠌ᠴᠡᠭᠡᠨ᠎ᠨᠢ ᠨᠠᠢ᠌ᠷ ᠨᠠᠭ᠋ᠠᠳᠤᠮ ᠰᠢᠭ᠋ ᠶᠠᠪᠤᠭᠳᠠᠵᠤ᠂ ᠰᠠᠢ᠌ᠨ ᠠᠷᠭ᠋ᠠᠢ᠌ᠴᠢᠨ᠎ᠨᠢ ᠣᠯᠠᠨ᠎ᠤ ᠳᠤᠮᠳᠠ᠎ᠪᠠᠨ ᠣᠳᠣ ᠪᠣᠯᠵᠤ ᠭᠢᠯᠠᠷᠠᠳᠠᠭ᠃ ᠮᠦᠷᠦᠢ᠌ᠴᠡᠭᠡᠨ᠎ᠤ ᠳᠠᠷᠠᠭ᠎ᠠ᠂ ᠨᠠᠭ᠋ᠠᠳᠤᠮ ᠡᠷᠬᠢᠯᠡᠭᠴᠢ᠎ᠠᠴᠠ ᠮᠦᠰᠦᠨ ᠲᠠᠯᠠᠪᠠᠢ ᠵᠢᠨ ᠣᠢ᠌ᠷᠠᠯᠴᠠᠭ᠎ᠠ ᠮᠢᠬ᠎ᠠ ᠱᠦᠯᠦ᠎ᠲᠠᠢ ᠪᠤᠳᠠᠭ᠎ᠠ ᠴᠢᠨᠠᠵᠤ᠂ ᠠᠷᠭ᠋ᠠᠢ᠌ᠴᠢᠳ᠎ᠢ ᠳᠠᠢ᠌ᠯᠠᠳᠠᠭ᠃ ᠡᠨᠡ᠎ᠨᠢ ᠵᠠᠷᠢᠮ ᠲᠠᠯ᠎ᠠ᠎ᠪᠠᠷ ᠵᠶ᠋ᠠᠨ á  á ·á ¤ ᠬᠣᠷᠴᠢᠨ᠎ᠤ ᠪᠣᠰᠤᠳ ᠨᠠᠢ᠌ᠷ ᠨᠠᠭ᠋ᠠᠳᠤᠮ᠎ᠲᠠᠢ ᠠᠳᠠᠯᠢ ᠪᠠᠢ᠌ᠳᠠᠭ᠃
    á  á ·á ¤ ᠬᠣᠷᠴᠢᠨ᠎ᠤ ᠵᠠᠷᠢᠮ ᠬᠦᠮᠦᠰ᠎ᠤᠨ ᠦᠵᠡᠬᠦ᠎ᠪᠠᠷ᠂ á  á ·á ­á ‹á  á ¢ ᠬᠠᠷᠪᠤᠬᠤ᠎ᠳᠤ ᠡᠷᠡᠬᠡᠢ᠎ᠪᠠᠷ ᠨᠢᠳᠡᠷᠡᠬᠦ ᠪᠣᠯᠤᠨ ᠡᠷᠡᠬᠡᠢ ᠬᠤᠷᠤᠭᠤ᠎ᠪᠠᠷ ᠨᠣᠮᠤ ᠵᠢᠨ ᠬᠦᠪᠴᠢ ᠵᠢ ᠲᠠᠲᠠᠬᠤ ᠶᠣᠰᠤ᠎ᠨᠢ ᠠᠳᠠᠯᠢ᠃ ᠡᠢ᠌ᠮᠦ᠎ᠠᠴᠠ᠂ á  á ·á ­á ‹á  á ¢ ᠨᠠᠭ᠋ᠠᠳᠤᠮ᠎ᠨᠢ ᠬᠠᠷᠪᠤᠵᠤ ᠨᠠᠮᠨᠠᠬᠤ ᠵᠢᠨ ᠦᠨᠳᠦᠰᠦᠨ ᠪᠣᠯᠪᠠᠰᠤᠷᠠᠯ᠎ᠤᠨ ᠨᠢᠭᠡ ᠠᠭᠤᠯᠭ᠎ᠠ ᠭᠡᠳᠡᠭ᠃ ᠴᠢᠩᠬᠢᠰ ᠬᠠᠭ᠋ᠠᠨ᠎ᠤ ᠦᠶ᠎ᠡ᠎ᠳᠤ᠂ ᠳᠡᠭᠦᠦ ᠬᠠᠰᠠᠷ᠎ᠨᠢ ᠨᠣᠮᠤ ᠰᠣᠮᠤ ᠬᠠᠷᠪᠤᠬᠤ᠎ᠪᠠᠷ ᠵᠶ᠋ᠠᠨ ᠨᠡᠷ᠎ᠡ ᠠᠯᠳᠠᠷᠰᠢᠵᠤ᠂ 《ᠬᠠᠪᠤᠲᠤ》 ᠵᠢᠨ ᠴᠤᠯᠠ ᠣᠯᠵᠠᠢ᠃ ᠲᠡᠭᠦᠨ᠎ᠤ ᠵᠠᠬᠢᠷᠤᠭᠰᠠᠨ ᠬᠣᠷᠴᠢᠨ ᠠᠢ᠌ᠮᠠᠭ ᠴᠦ᠍ ᠴᠢᠩᠬᠢᠰ ᠬᠠᠭ᠋ᠠᠨ᠎ᠢ ᠬᠠᠮᠠᠭ᠋ᠠᠯᠠᠬᠤ ᠨᠣᠮᠤ ᠰᠣᠮᠤ ᠵᠢᠨ ᠴᠡᠷᠢᠭ ᠪᠠᠢ᠌ᠭᠰᠠᠨ ᠶᠤᠮ᠃
    á  á ·á ¤ ᠬᠣᠷᠴᠢᠨ ᠬᠦᠮᠦᠰ ᠳᠡᠭᠡᠳᠦ ᠵᠢᠨ ᠦᠶ᠎ᠡ ᠵᠢᠨ ᠮᠡᠷᠭᠡᠨ ᠬᠠᠷᠪᠤᠭ᠋ᠠᠴᠢ ᠵᠢᠨ ᠤᠯᠠᠮᠵᠢᠯᠠᠯ ᠵᠶ᠋ᠠᠨ ᠪᠠᠳᠠᠷᠠᠭᠤᠯᠵᠤ᠂ á  á ·á ­á ‹á  á ¢ ᠬᠠᠷᠪᠤᠬᠤ ᠨᠠᠭ᠋ᠠᠳᠤᠮ᠎ᠢ ᠴᠦ᠍ ᠵᠠᠯᠭ᠋ᠠᠮᠵᠢᠯᠠᠨ ᠢᠷᠡᠵᠡᠢ᠃ ᠡᠨᠡᠬᠦ ᠨᠠᠭ᠋ᠠᠳᠤᠮ᠎ᠨᠢ ᠬᠤᠷᠴᠠ ᠰᠢᠷᠦᠭᠦᠨ ᠦᠷᠢᠰᠦᠯᠳᠦᠭᠡᠨ᠎ᠲᠠᠢ ᠮᠦᠷᠲᠡᠭᠡᠨ ᠤᠷᠮ᠎ᠠ ᠰᠣᠨᠢᠷᠬᠠᠯ ᠬᠦᠷ ᠬᠦᠭᠵᠢᠶᠡᠨ᠎ᠲᠠᠢ ᠪᠠᠢ᠌ᠵᠤ᠂ ᠢᠯᠡ ᠲᠣᠳᠤ ᠮᠣᠩᠭᠤᠯ ᠣᠨᠴᠠᠯᠢᠭ ᠪᠣᠯᠤᠨ ᠨᠤᠲᠤᠭ ᠣᠷᠤᠨ᠎ᠤ ᠳᠦᠷᠭᠦ ᠪᠠᠢ᠌ᠳᠠᠯ᠎ᠲᠠᠢ᠃ ᠲᠡᠭᠦᠨ᠎ᠤ ᠳᠣᠲᠤᠷ᠎ᠠ᠂ ᠤᠭᠰᠠᠭ᠋ᠠᠳᠠᠨ᠎ᠤ ᠤᠬᠠᠭ᠋ᠠᠨ᠂ ᠪᠡᠶ᠎ᠡ ᠲᠠᠮᠢᠷ᠎ᠤᠨ ᠤᠬᠠᠭ᠋ᠠᠨ ᠪᠣᠯᠤᠨ ᠮᠣᠩᠭᠤᠯ ᠰᠣᠶᠣᠯ᠎ᠤᠨ ᠤᠬᠠᠭ᠋ᠠᠨ ᠵᠡᠷᠭᠡ ᠣᠯᠠᠨ ᠠᠭᠤᠯᠭ᠎ᠠ ᠪᠠᠢ᠌ᠳᠠᠭ᠃
    2007 ᠣᠨ᠎ᠤ 6 ᠰᠠᠷ᠎ᠠ᠎ᠳᠤ᠂ 《ᠠᠷᠭ᠋ᠠᠢ ᠬᠠᠷᠪᠤᠬᠤ ᠨᠠᠭ᠋ᠠᠳᠤᠮ》 ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠤᠨ᠎ᠤ ᠠᠩᠬᠠᠳᠤᠭ᠋ᠠᠷ ᠪᠦᠯᠦᠭ ᠪᠣᠳᠠᠰ᠎ᠤᠨ ᠪᠣᠰᠤ ᠰᠣᠶᠣᠯ᠎ᠤᠨ ᠦᠪ᠎ᠤᠨ ᠲᠦᠷᠦᠯ ᠵᠦᠢ᠍ᠯ᠎ᠤᠨ ᠨᠠᠷᠡᠰ᠎ᠲᠤ ᠣᠷᠤᠭᠰᠠᠨ ᠶᠤᠮ᠃ 2009 ᠣᠨ᠎ᠤ 8 ᠰᠠᠷ᠎ᠠ᠎ᠳᠤ᠂ ᠲᠤᠰ ᠨᠠᠭ᠋ᠠᠳᠤᠮ ᠳᠠᠬᠢᠨ ᠤᠯᠠᠭ᠋ᠠᠨᠬᠠᠳᠠ ᠬᠣᠲᠠ ᠵᠢᠨ ᠨᠢᠭᠡᠳᠦᠭᠡᠷ ᠪᠦᠯᠦᠭ ᠪᠣᠳᠠᠰ᠎ᠤᠨ ᠪᠣᠰᠤ ᠰᠣᠶᠣᠯ᠎ᠤᠨ ᠦᠪ᠎ᠤᠨ ᠲᠦᠷᠦᠯ ᠵᠦᠢ᠍ᠯ᠎ᠤᠨ ᠨᠠᠷᠡᠰ᠎ᠲᠤ ᠣᠷᠤᠭᠰᠠᠨ ᠪᠠᠢ᠌ᠨ᠎ᠠ᠃ (ᠪᠠᠭ᠋ᠠᠪᠣᠯᠤᠳ)

ᠢᠷᠡᠯᠲᠡ᠄ ᠠᠷᠤ ᠬᠤᠷᠴᠢᠨ ᠬᠤᠰᠢᠭᠤᠨ᠎ᠤ ᠰᠤᠶᠥᠯ ᠵᠢᠭᠤᠯᠴᠢᠯᠠᠯ ᠪᠠ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠱᠠᠯᠪᠣᠷ ᠪᠥᠭᠡ
 
            