ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠲᠦᠷᠦᠯ ᠵᠦᠢᠯ
ᠮᠤᠩᠭᠤᠯ ᠰᠢᠳᠠᠷ᠎ᠠ
ᠨᠡᠶ᠋ᠢᠲᠡᠯᠡᠭᠰᠡᠨ ᠴᠠᠭ᠄ 2023-02-07

                                        ★ ᠲᠡᠮᠤᠷᠵᠢᠷᠦᠬᠡ   ᠠᠷᠣᠣᠬᠠᠨ


      ᠮᠤᠩᠭᠤᠯ ᠰᠢᠳᠠᠷ᠎ᠠ ᠪᠤᠯ ᠮᠤᠩᠭᠤᠯᠴᠤᠳ᠎ᠤᠨ ᠳᠤᠮᠳᠠ ᠤᠷᠳᠤ ᠤᠳᠠᠭ᠋ᠠᠨ ᠬᠤᠭᠤᠴᠠᠭ᠎ᠠ᠎ᠪᠠᠷ ᠤᠯᠠᠮᠵᠢᠯᠠᠬᠳᠠᠨ ᠢᠷᠡᠭᠰᠡᠨ ᠦᠪᠡᠷᠮᠢᠴᠡ ᠤᠨᠴᠠᠯᠢᠭ᠎ᠲᠠᠢ ᠲᠤᠭᠯᠠᠭ᠋ᠠᠮ ᠶᠤᠮ᠃ ᠦᠩᠭᠡᠷᠡᠭᠰᠡᠨ᠎ᠳᠤ ᠮᠤᠩᠭᠤᠯ ᠰᠢᠳᠠᠷ᠎ᠠ ᠵᠢᠨ ᠨᠢᠭᠡᠳᠦᠯᠳᠡᠢ ᠲᠦᠷᠢᠮ ᠪᠠᠢ᠍ᠢ᠍ᠭᠰᠠᠨ ᠦᠭᠡᠢ ᠪᠤᠯᠬᠤᠷ ᠡᠯ᠎ᠡ ᠠᠢ᠍ᠢ᠍ᠮᠠᠭ᠂ ᠬᠤᠰᠢᠭᠤ ᠬᠤᠭᠤᠷᠤᠨᠳᠤ᠎ᠪᠠᠨ ᠬᠠᠷᠢᠯᠴᠠᠨ ᠠᠳᠠᠯᠢ ᠦᠭᠡᠢ ᠲᠦᠷᠢᠮ᠎ᠢ ᠬᠡᠷᠡᠭᠵᠢᠭᠦᠯᠳᠡᠭ ᠪᠠᠢ᠍ᠢ᠍ᠪᠠ᠃


     1982 ᠤᠨ᠎ᠤ ᠪᠦᠬᠦ ᠤᠷᠤᠨ᠎ᠤ ᠲᠡᠪᠤᠳᠤᠭ᠋ᠠᠷ ᠬᠤᠭᠤᠴᠠᠭ᠋ᠠᠨ᠎ᠤ ᠪᠡᠶ᠎ᠡ ᠵᠢᠨ ᠲᠠᠮᠢᠷ᠎ᠤᠨ ᠴᠤᠭᠯᠠᠭ᠋ᠠᠨ ᠲᠡᠭᠡᠷ᠎ᠡ ᠮᠤᠩᠭᠤᠯ ᠰᠢᠳᠠᠷ᠎ᠠ ᠵᠢᠨ ᠲᠦᠷᠢᠮ᠎ᠢ ᠲᠡᠯᠡᠬᠡᠢ ᠵᠢᠨ ᠰᠢᠳᠠᠷ᠎ᠠ ᠵᠢᠨ ᠲᠦᠷᠢᠮ᠎ᠯᠦᠭᠡ ᠨᠢᠭᠡᠳᠭᠡᠨ ᠶᠠᠪᠤᠭᠳᠠᠭᠤᠯᠤᠭᠰᠠᠨ ᠪᠠᠢ᠍ᠢ᠍ᠨ᠎ᠠ᠃ ᠡᠨᠡ᠎ᠨᠢ ᠬᠤᠵᠢᠮ᠎ᠤᠨ ᠲᠡᠯᠡᠭᠡᠢ ᠵᠢᠨ ᠰᠢᠳᠠᠷ᠎ᠠ ᠵᠢᠨ ᠤᠷᠤᠯᠳᠤᠭ᠋ᠠᠨ᠎ᠳᠤ ᠤᠷᠤᠯᠴᠠᠬᠤ᠎ᠳᠤ ᠰᠠᠭᠤᠷᠢ ᠲᠠᠯᠪᠢᠵᠤ ᠦᠭᠭᠦᠭᠰᠡᠨ ᠶᠤᠮ᠃    
    á ¡á ·á Žá ¡ ᠵᠢᠨ ᠭᠤᠷᠪᠠᠨ   ᠨᠠᠭ᠋ᠠᠳᠤᠮ᠎ᠢ ᠶᠠᠪᠤᠭᠳᠠᠭᠤᠯᠬᠤ ᠪᠦᠷᠢ ᠮᠤᠩᠭᠤᠯ ᠰᠢᠳᠠᠷ᠎ᠠ ᠵᠢᠨ ᠤᠷᠤᠯᠳᠤᠭ᠋ᠠᠨ á Žá ¢ ᠲᠠᠭ᠋ᠠᠯᠳᠤᠭᠤᠯᠤᠨ ᠶᠠᠪᠤᠭᠳᠠᠭᠤᠯᠤᠭᠰᠠᠭ᠋ᠠᠷ ᠢᠷᠡᠵᠡᠢ᠂ ᠮᠤᠩᠭᠤᠯᠴᠤᠳ ᠪᠠᠶᠠᠷ ᠲᠤᠷᠠᠰᠬᠠᠯ᠎ᠤᠨ ᠡᠳᠦᠷ᠂ ᠬᠤᠷᠢᠮ ᠴᠤᠭᠯᠠᠭ᠋ᠠᠨ᠎ᠤ ᠨᠠᠢ᠍ᠢ᠍ᠷ᠎ᠲᠤ ᠮᠤᠩᠭᠤᠯ ᠰᠢᠳᠠᠷ᠎ᠠ ᠵᠢᠨ ᠤᠷᠤᠯᠳᠤᠭ᠋ᠠᠨ᠎ᠢ ᠦᠷᠭᠦᠯᠵᠢ ᠶᠠᠪᠤᠭᠤᠯᠳᠠᠭ ᠪᠢᠯᠡ᠃  
    ᠨᠢᠭᠡ᠂ ᠮᠤᠩᠭᠤᠯ ᠰᠢᠳᠠᠷ᠎ᠠ ᠵᠢᠨ ᠡᠭᠦᠰᠦᠯ ᠪᠠ ᠤᠨᠴᠠᠯᠢᠭ  
    ᠮᠤᠩᠭᠤᠯ ᠰᠢᠳᠠᠷ᠎ᠠ ᠪᠤᠯᠤᠨ ᠲᠡᠯᠡᠭᠡᠢ ᠵᠢᠨ ᠰᠢᠳᠠᠷ᠎ᠠ ᠵᠢᠨ ᠡᠭᠦᠰᠦᠯ᠎ᠨᠢ ᠠᠳᠠᠯᠢ ᠪᠠᠢ᠍ᠢ᠍ᠳᠠᠭ᠃ ᠬᠠᠮᠤᠭ ᠡᠷᠳᠡ᠎ᠳᠤ ᠡᠷᠳᠡᠨ᠎ᠤ ᠡᠨᠡᠳᠬᠡᠭ᠎ᠲᠤ ᠲᠦᠷᠪᠡᠨ ᠬᠦᠮᠦᠨ᠎ᠤ ᠨᠠᠭ᠋ᠠᠳᠬᠤ 《ᠱᠠᠳᠠᠷᠠᠰ》 ᠭᠡᠵᠦ ᠪᠠᠢ᠍ᠢ᠍ᠵᠠᠢ᠃ ᠡᠨᠡ᠎ᠨᠢ ᠨᠢᠭᠡᠨᠳᠡ ᠬᠤᠶᠠᠷ ᠮᠢᠩᠭ᠋ᠠᠨ ᠤᠨ᠎ᠤ ᠲᠡᠤᠬᠡ᠎ᠲᠠᠢ ᠪᠤᠯᠪᠠ᠃ ᠲᠦᠷᠪᠡᠳᠦᠭᠡᠷ ᠵᠠᠭᠤᠨ᠎ᠤ ᠦᠶ᠎ᠡ᠎ᠳᠤ ᠠᠷᠠᠪ᠎ᠲᠤ ᠤᠯᠠᠮᠵᠢᠯᠠᠭᠳᠠᠨ ᠤᠷᠤᠭ᠋ᠠᠳ ᠲᠡᠭᠦᠨ᠎ᠤ ᠨᠡᠷ᠎ᠡ ᠵᠢ 《ᠰᠢᠳᠠᠷᠠᠰ》 ᠭᠡᠵᠦ ᠰᠢᠨ᠎ᠡ᠎ᠪᠠᠷ ᠦᠭᠡᠷᠡᠴᠢᠯᠡᠨ ᠲᠠᠭᠤᠳᠠᠬᠤ ᠪᠤᠯᠵᠠᠢ᠃ ᠠᠷᠪᠠᠨ ᠲᠠᠪᠤᠳᠤᠭ᠋ᠠᠷ ᠵᠠᠭᠤᠨ᠎ᠠᠴᠠ ᠠᠷᠪᠠᠨ ᠵᠢᠷᠭᠤᠳᠤᠭ᠋ᠠᠷ ᠵᠠᠭᠤᠨ᠎ᠤ ᠦᠶ᠎ᠡ ᠪᠤᠯᠬᠤ᠎ᠳᠤ ᠡᠧᠤᠢ᠍ᠷᠤᠫᠡ ᠲᠢᠪ᠎ᠲᠤ ᠤᠯᠠᠮᠵᠢᠯᠠᠭᠳᠠᠨ ᠬᠦᠷᠪᠡ᠃ ᠢᠩᠭᠢᠵᠦ ᠤᠯᠠᠷᠢᠨ ᠲᠠᠷᠬᠠᠵᠤ ᠤᠯᠠᠨᠳᠠ ᠦᠭᠡᠷᠡᠴᠢᠯᠡᠭᠳᠡᠭᠰᠡᠭᠡᠷ ᠪᠠᠢ᠍ᠢ᠍ᠭ᠋ᠠᠳ ᠦᠨᠦ ᠵᠢᠨ ᠲᠡᠯᠡᠭᠡᠢ ᠵᠢᠨ ᠰᠢᠳᠠᠷ᠎ᠠ ᠪᠤᠯᠤᠭᠰᠠᠨ ᠪᠠᠢ᠍ᠢ᠍ᠨ᠎ᠠ᠃  
      ᠲᠡᠯᠡᠬᠡᠢ ᠵᠢᠨ ᠰᠢᠳᠠᠷ᠎ᠠ ᠮᠤᠩᠭᠤᠯ᠎ᠤᠨ ᠲᠠᠯ᠎ᠠ ᠨᠤᠳᠤᠭ᠎ᠲᠤ ᠤᠯᠠᠮᠵᠢᠯᠠᠬᠳᠠᠨ ᠢᠷᠡᠭᠰᠡᠨ᠎ᠨᠢ ᠡᠧᠤᠢ᠍ᠷᠤᠫᠡ ᠲᠢᠪ᠎ᠠᠴᠠ ᠡᠷᠳᠡ ᠶᠤᠮ᠃ ᠮᠤᠩᠭᠤᠯᠴᠤᠳ ᠠᠷᠪᠠᠨ ᠭᠤᠷᠪᠠᠳᠤᠭ᠋ᠠᠷ ᠵᠠᠭᠤᠨ᠎ᠤ ᠭᠤᠴᠢᠭ᠋ᠠᠳ ᠤᠨ᠎ᠤ ᠦᠶ᠎ᠡ᠎ᠳᠤ ᠦᠨᠦ ᠵᠢᠨ ᠢᠷᠡᠨ᠂ ᠢᠷᠠᠺ ᠤᠯᠤᠰ᠎ᠲᠠᠢ ᠠᠷᠠᠯᠵᠢᠶ᠎ᠠ ᠮᠠᠢ᠍ᠢ᠍ᠮᠠᠢ ᠬᠢᠵᠦ ᠪᠠᠢ᠍ᠢ᠍ᠭ᠎ᠠ ᠦᠶᠡᠰ ᠲᠡᠯᠡᠬᠡᠢ ᠵᠢᠨ ᠰᠢᠳᠠᠷ᠎ᠠ ᠮᠤᠩᠭᠤᠯ᠎ᠤᠨ ᠨᠤᠳᠤᠭ᠎ᠲᠤ ᠤᠯᠠᠮᠵᠢᠯᠠᠬᠳᠠᠨ ᠢᠷᠡᠭᠰᠡᠨ ᠪᠠᠢ᠍ᠢ᠍ᠨ᠎ᠠ᠃ ᠲᠡᠷᠡ ᠦᠶ᠎ᠡ᠎ᠠᠴᠠ ᠡᠬᠢᠯᠡᠭᠡᠳ ᠮᠤᠩᠭᠤᠯ᠎ᠤᠨ ᠲᠠᠯ᠎ᠠ ᠨᠤᠳᠤᠭ᠎ᠲᠤ ᠲᠠᠷᠬᠠᠨ ᠲᠡᠯᠭᠡᠷᠡᠪᠡ᠃ ᠮᠤᠩᠭᠤᠯ ᠰᠢᠳᠠᠷ᠎ᠠ ᠪᠤᠯᠤᠨ ᠲᠡᠯᠡᠬᠡᠢ ᠵᠢᠨ ᠰᠢᠳᠠᠷ᠎ᠠ ᠵᠢᠨ ᠬᠦᠯᠭᠡ᠎ᠨᠢ ᠨᠢᠭᠡᠨ ᠠᠳᠠᠯᠢ ᠲᠦᠷᠪᠡᠯᠵᠢᠨ ᠬᠡᠯᠪᠡᠷᠢ᠎ᠲᠠᠢ᠂ ᠬᠦᠯᠭᠡ ᠵᠢ ᠬᠠᠷ᠎ᠠ á ´á  á ­á ‹á  á ¨ ᠦᠩᠭᠡ ᠵᠢᠨ ᠬᠤᠶᠠᠷ ᠪᠦᠯᠦᠭ ᠬᠤᠪᠢᠶᠠᠨ᠎ᠠ᠃  
    ᠰᠢᠳᠠᠷ᠎ᠠ ᠵᠢᠨ ᠪᠤᠳᠠ ᠬᠦᠦ᠎ᠨᠦᠭᠦᠳ᠎ᠨᠢ ᠨᠡᠢ᠍ᠢ᠍ᠳᠡ 32 ᠪᠠᠢ᠍ᠢ᠍ᠨ᠎ᠠ᠂ á ´á  á ­á ‹á  á ¨ ᠬᠠᠷ᠎ᠠ ᠦᠩᠭᠡ ᠪᠦᠷᠢ᠎ᠳᠤ ᠨᠢᠭᠡ ᠨᠤᠶᠠᠨ᠂ ᠬᠤᠶᠠᠷ ᠬᠠᠰᠠᠭ᠂ ᠬᠤᠶᠠᠷ ᠮᠤᠷᠢ᠂ ᠬᠤᠶᠠᠷ ᠲᠡᠮᠡᠭᠡ᠂ ᠨᠢᠭᠡ ᠪᠠᠷᠰ᠂ ᠨᠠᠢ᠍ᠮᠠᠨ ᠬᠦᠦ᠎ᠲᠠᠢ᠃ ᠨᠡᠢ᠍ᠢ᠍ᠳᠡ 64 ᠰᠠᠭᠤᠳᠠᠯ᠎ᠲᠠᠢ᠂ ᠲᠦᠷᠪᠡᠨ ᠲᠠᠯ᠎ᠠ ᠪᠦᠷᠢ᠎ᠳᠤ ᠨᠠᠢ᠍ᠮᠨ ᠨᠠᠢ᠍ᠮᠠᠨ ᠵᠢᠵᠢᠭ ᠲᠦᠷᠪᠡᠯᠵᠢᠨ ᠰᠠᠭᠤᠳᠠᠯ ᠵᠢᠡᠷ ᠬᠦᠯᠭᠡ᠎ᠪᠠᠨ ᠪᠦᠳᠦᠭᠡᠪᠡ  á ƒ


      ᠲᠡᠯᠡᠭᠡᠢ ᠵᠢᠨ ᠰᠢᠳᠠᠷ᠎ᠠ ᠮᠤᠩᠭᠤᠯ ᠤᠷᠤᠨ᠎ᠳᠤ ᠤᠯᠠᠮᠵᠢᠯᠠᠬᠳᠠᠨ ᠢᠷᠡᠭᠰᠡᠨ᠎ᠤ ᠲᠠᠷᠠᠭ᠎ᠠ ᠮᠤᠩᠭᠤᠯᠴᠤᠳ ᠦᠪᠡᠷ᠎ᠤᠨ ᠨᠡᠭᠦᠳᠡᠯᠯᠡᠨ ᠮᠠᠯᠵᠢᠬᠤ ᠵᠠᠩ ᠳᠠᠳᠬᠠᠯ ᠵᠶ᠋ᠠᠨ ᠦᠨᠳᠦᠰᠦᠯᠡᠨ ᠬᠦᠯᠭᠡ ᠵᠢᠨ ᠨᠤᠶᠠᠨ᠎ᠢ ᠨᠤᠶᠠᠨ ᠮᠡᠳᠦ ᠲᠡᠷᠭᠡᠨ᠎ᠡ ᠪᠤᠶᠤ ᠰᠠᠭᠤᠳᠠᠯ᠎ᠳᠤ ᠰᠠᠭᠤᠯᠭ᠋ᠠᠵᠤ ᠰᠡᠢ᠍ᠢ᠍ᠯᠪᠡ  á ƒ ᠪᠠᠷᠰ᠎ᠢ ᠨᠤᠶᠠᠨ᠎ᠤ ᠬᠠᠳᠤᠨ ᠪᠤᠯᠭ᠋ᠠᠨ ᠴᠢᠮᠡᠭᠯᠡᠨ ᠰᠡᠢ᠍ᠢ᠍ᠯᠵᠤ ᠨᠤᠶᠠᠨ ᠵᠢᠡᠨ ᠬᠠᠮᠠᠭ᠋ᠠᠯᠠᠨ ᠲᠦᠷᠪᠡᠨ ᠵᠦᠭ ᠨᠠᠢ᠍ᠮᠠᠨ ᠵᠤᠪᠬᠢᠰ᠎ᠲᠤ ᠲᠠᠢ᠍ᠢ᠍ᠨ ᠬᠢᠬᠦ ᠬᠠᠮᠤᠭ᠎ᠠᠴᠠ ᠬᠡᠴᠡᠭᠦᠦ ᠵᠠᠩᠵᠤᠨ ᠪᠤᠯᠭ᠋ᠠᠪᠠ᠃ ᠦᠨᠡᠨ᠎ᠳᠤ᠎ᠪᠠᠨ ᠵᠢᠨᠤᠩ ᠮᠦᠨ᠃ ᠬᠠᠰᠠᠭ᠎ᠢ ᠮᠤᠩᠭᠤᠯ ᠤᠷᠤᠨ᠎ᠤ ᠬᠠᠰᠠᠭ᠎ᠤᠨ ᠪᠦᠷᠢᠨ ᠬᠡᠯᠪᠡᠷᠢ᠎ᠲᠠᠢ ᠰᠠᠢ᠍ᠢ᠍ᠯᠵᠦ ᠭᠠᠷᠭ᠋ᠠᠪᠠ᠃ ᠮᠤᠷᠢ ᠵᠢ ᠲᠡᠯᠡᠬᠡᠢ ᠵᠢᠨ ᠰᠢᠳᠠᠷ᠎ᠠ᠎ᠲᠠᠢ ᠠᠳᠠᠯᠢ á ­á  á ­á ´á   ᠬᠦ᠌ ᠲᠤᠯᠤᠭ᠋ᠠᠢ ᠵᠢ᠎ᠨᠢ ᠦᠭᠡᠷᠡᠴᠢᠯᠡᠨ ᠮᠤᠩᠭᠤᠯ ᠮᠤᠷᠢ ᠵᠢᠨ ᠬᠡᠯᠪᠡᠷᠢ᠎ᠪᠠᠷ ᠰᠡᠢ᠍ᠢ᠍ᠯᠵᠤ ᠭᠠᠷᠭ᠋ᠠᠪᠠ᠃ ᠬᠦᠦ ᠵᠢ á  á © ᠬᠦᠷᠦᠭᠡ᠎ᠳᠤ ᠶᠠᠪᠤᠬᠤ ᠭᠠᠷᠮᠠᠭ᠋ᠠᠢ ᠨᠤᠬᠠᠢ᠎ᠪᠠᠷ ᠰᠡᠢ᠍ᠢ᠍ᠯᠦᠭᠰᠡᠨ ᠪᠠᠢ᠍ᠢ᠍ᠨ᠎ᠠ᠃  
      ᠡᠭᠦᠨ᠎ᠠᠴᠠ ᠭᠠᠳᠠᠨ᠎ᠠ 《ᠰᠢᠳᠠᠷᠠᠰ》 ᠭᠡᠳᠡᠭ᠎ᠢ ᠮᠤᠩᠭᠤᠯ ᠬᠡᠯᠡ᠎ᠪᠠᠷ ᠰᠢᠳᠠᠷ᠎ᠠ ᠭᠡᠮᠡᠨ ᠲᠠᠭᠤᠳᠠᠨ ᠨᠡᠷᠡᠯᠡᠵᠡᠢ᠃ ᠡᠨᠡ ᠮᠡᠳᠦᠴᠢᠯᠡᠨ ᠬᠡᠯᠪᠡᠷᠢ᠎ᠨᠢ ᠦᠭᠡᠷᠡᠴᠢᠯᠡᠭᠳᠡᠭᠰᠡᠨ ᠪᠤᠯᠪᠠᠴᠤ ᠲᠡᠭᠦᠨ᠎ᠤ ᠨᠡᠭᠦᠳᠡᠯ ᠪᠠ ᠢᠷᠡᠯᠳᠡ᠎ᠨᠢ ᠦᠨᠳᠦᠰᠦᠨ᠎ᠳᠤ᠎ᠪᠠᠨ ᠠᠳᠠᠯᠢ ᠶᠤᠮ᠃ ᠭᠡᠪᠡᠴᠦ ᠮᠤᠩᠭᠤᠯ ᠰᠢᠳᠠᠷ᠎ᠠ᠎ᠳᠤ ᠢᠰᠯᠠᠮ᠎ᠤᠨ ᠱᠠᠰᠢᠨᠳᠠᠨ ᠢᠷᠡᠨ ᠤᠯᠤᠰ᠎ᠠᠴᠠ ᠤᠷᠤᠵᠤ ᠢᠷᠡᠭᠰᠡᠨ ᠨᠠᠭ᠋ᠠᠳᠬᠤ á  á ·á ­á Žá   ᠵᠢ ᠤᠳᠠᠭ᠋ᠠᠨ ᠵᠢᠯ ᠤᠯᠠᠮᠵᠢᠯᠠᠭᠰᠠᠭ᠋ᠠᠷ ᠢᠷᠡᠭᠰᠡᠨ ᠲᠤᠯᠠ ᠲᠡᠯᠡᠭᠡᠢ ᠵᠢᠨ ᠰᠢᠳᠠᠷ᠎ᠠ ᠵᠢᠨ ᠤᠷᠤᠯᠳᠤᠭ᠋ᠠᠨ᠎ᠤ ᠲᠦᠷᠢᠮ᠎ᠠᠴᠠ ᠨᠡᠯᠢᠶᠡᠳ ᠤᠨ ᠬᠤᠵᠢᠮᠳᠠᠭᠰᠠᠨ᠎ᠨᠢ ᠶᠠᠷᠢᠶᠠᠨ ᠦᠭᠡᠢ ᠶᠤᠮ᠃  
      ᠮᠤᠩᠭᠤᠯᠴᠤᠳ ᠪᠤᠯ ᠡᠷᠳᠡᠨ᠎ᠤ ᠪᠤᠯᠪᠠᠰᠤᠨ ᠦᠨᠳᠦᠰᠦᠳᠡᠨ᠎ᠤ ᠨᠢᠭᠡ ᠪᠤᠯᠬᠤ ᠲᠤᠯᠠ ᠡᠪᠦᠭᠡ ᠲᠡᠭᠡᠳᠦᠰ᠎ᠤᠨ ᠦᠶ᠎ᠡ᠎ᠠᠴᠠ᠎ᠪᠠᠨ ᠲᠠᠮᠢᠷ ᠤᠷᠠᠯᠢᠭ᠎ᠲᠤ ᠠᠪᠢᠶᠠᠰ᠎ᠲᠠᠢ᠃ á ¡á ·á Žá ¡ ᠵᠢᠨ ᠭᠤᠷᠪᠠᠨ ᠨᠠᠭ᠋ᠠᠳᠤᠮ᠎ᠠᠴᠠ ᠭᠠᠳᠠᠨ᠎ᠠ ᠪᠦᠵᠢᠭ ᠪᠦᠵᠢᠭᠯᠡᠬᠦ᠂ ᠬᠤᠯᠠ ᠬᠦᠶᠦᠬᠦ ᠮᠡᠳᠦ ᠵᠢᠨ ᠬᠦᠳᠡᠯᠭᠡᠭᠡᠨ᠎ᠳᠤ ᠪᠦᠷ ᠪᠠᠬᠠᠳᠠᠢ ᠶᠤᠮ᠃ ᠲᠡᠷᠡᠴᠢᠯᠡᠨ ᠮᠦᠷᠭᠦᠭᠡ᠂ ᠵᠢᠷᠭᠢᠭᠡ᠂ ᠱᠠᠭ᠎ᠠ ᠮᠡᠳᠦ ᠵᠢᠨ ᠲᠤᠭᠯᠠᠭ᠋ᠠᠮ᠎ᠢ ᠴᠦᠮ ᠦᠷᠨᠢᠩᠭᠦᠢ ᠰᠠᠢ᠍ᠢ᠍ᠨ ᠨᠠᠭ᠋ᠠᠳᠴᠤ ᠪᠠᠢ᠍ᠢ᠍ᠵᠠᠢ᠃ ᠮᠤᠩᠭᠤᠯ ᠰᠢᠳᠠᠷ᠎ᠠ ᠪᠤᠯ ᠲᠡᠭᠦᠨ᠎ᠤ ᠲᠤᠳᠤᠷᠠᠬᠢ ᠨᠢᠭᠡ ᠵᠦᠢ᠍ᠯ ᠪᠤᠯᠬᠤ ᠪᠦᠭᠡᠳ ᠮᠤᠩᠭᠤᠯᠴᠤᠳ᠎ᠤᠨ ᠠᠪᠢᠶᠠᠰ ᠴᠢᠳᠠᠪᠤᠷᠢ ᠪᠠ ᠬᠡᠪ ᠨᠠᠮᠪᠠ ᠵᠢ ᠬᠠᠷᠠᠭᠤᠯᠤᠭᠰᠠᠨ ᠦᠨᠳᠦᠰᠦᠳᠡᠨ᠎ᠤ ᠬᠡᠯᠪᠡᠷᠢ ᠵᠢᠨ ᠤᠶᠤᠨ᠎ᠤ ᠮᠦᠷᠦᠢ᠍ᠢ᠍ᠴᠡᠭᠡᠨ ᠪᠤᠯᠤᠨ᠎ᠠ᠃ ᠮᠤᠩᠭᠤᠯ ᠰᠢᠳᠠᠷ᠎ᠠ ᠪᠤᠯ ᠮᠤᠩᠭᠤᠯ ᠦᠨᠳᠦᠰᠦᠳᠡᠨ᠎ᠤ ᠨᠡᠢ᠍ᠢ᠍ᠭᠡᠮ᠎ᠤᠨ ᠪᠤᠳᠠᠰ᠎ᠤᠨ ᠠᠮᠢᠳᠤᠷᠠᠯ ᠪᠠ ᠤᠶᠤᠨ᠎ᠤ ᠪᠤᠯᠪᠠᠰᠤᠨ᠎ᠢ ᠪᠦᠬᠦ ᠲᠠᠯ᠎ᠠ᠎ᠪᠠᠷ ᠲᠦᠪᠯᠡᠷᠡᠭᠦᠯᠦᠨ ᠲᠤᠰᠬᠠᠭᠰᠠᠨ ᠦᠪᠡᠷᠮᠢᠴᠡ ᠤᠨᠴᠠᠯᠢᠭ᠎ᠲᠠᠢ ᠪᠠᠢ᠍ᠢ᠍ᠳᠠᠭ᠎ᠠᠴᠠ ᠮᠤᠩᠭᠤᠯ᠎ᠤᠨ ᠦᠨᠳᠦᠷᠯᠢᠭ᠎ᠤᠨ ᠨᠡᠢ᠍ᠢ᠍ᠭᠡᠮ᠎ᠤᠨ ᠠᠮᠢᠳᠤᠷᠠᠯ᠎ᠢ ᠦᠨᠡᠨ ᠪᠤᠳᠠᠳᠠᠢ᠎ᠪᠠᠷ ᠬᠠᠷᠠᠭᠤᠯᠵᠠᠢ᠃


    ᠨᠤᠶᠠᠨ᠄ ᠮᠤᠩᠭᠤᠯ᠎ᠤᠨ ᠦᠨᠳᠦᠷᠯᠢᠭ᠎ᠲᠤ 《ᠲᠡᠪᠡᠯ ᠵᠠᠬ᠎ᠠ᠎ᠲᠠᠢ᠂ ᠬᠦᠮᠦᠨ ᠠᠬ᠎ᠠ᠎ᠲᠠᠢ》 ᠭᠡᠵᠦ ᠰᠠᠢ᠍ᠢ᠍ᠨ᠂ ᠮᠡᠷᠭᠡᠨ᠂ ᠪᠠᠭ᠋ᠠᠳᠤᠷ᠂ ᠬᠠᠨ ᠮᠡᠳᠦ᠎ᠪᠠᠷ ᠠᠢ᠍ᠢ᠍ᠮᠠᠭ ᠬᠤᠯᠪᠤᠭ᠋ᠠᠨ᠎ᠤ᠎ᠪᠠᠨ ᠲᠦᠷᠦᠬᠦᠦ ᠪᠤᠶᠤ ᠴᠡᠷᠢᠭ ᠲᠠᠢ᠍ᠢ᠍ᠨ᠎ᠤ ᠤᠳᠤᠷᠢᠳᠤᠭᠴᠢ᠎ᠪᠠᠨ ᠨᠡᠷᠡᠯᠡᠵᠦ᠂ ᠲᠡᠭᠦᠨ᠎ᠤ ᠵᠢᠯᠤᠭᠤᠳᠤᠯᠭ᠎ᠠ᠎ᠪᠠᠷ ᠲᠠᠢ᠍ᠢ᠍ᠰᠤᠨ ᠵᠢᠡᠨ ᠲᠠᠷᠤᠵᠤ ᠲᠠᠷᠬᠠᠨ ᠴᠤᠯᠠ᠎ᠪᠠᠨ ᠮᠠᠨᠳᠤᠭᠤᠯᠳᠠᠭ ᠪᠠᠢ᠍ᠢ᠍ᠯ᠎ᠠ᠃ ᠡᠢ᠍ᠢ᠍ᠮᠦ᠎ᠠᠴᠠ ᠮᠤᠩᠭᠤᠯ ᠰᠢᠳᠠᠷ᠎ᠠ ᠵᠢᠨ 《ᠨᠤᠶᠠᠨ》  á Žá ¢ ᠬᠤᠶᠠᠭ ᠲᠤᠭᠤᠯᠠᠭ᠎ᠠ ᠬᠡᠳᠦᠷᠦᠭᠰᠡᠨ ᠮᠤᠷᠢᠳᠠᠢ ᠵᠠᠩᠵᠤᠨ ᠪᠤᠶᠤ ᠠᠷᠠᠯᠳᠤ ᠲᠡᠷᠬᠡᠨ᠎ᠳᠤ ᠲᠦᠪᠯᠡᠨ ᠰᠠᠭᠤᠭᠰᠠᠨ ᠵᠢᠯᠠᠭ᠎ᠠ ᠵᠢᠩᠰᠡ᠎ᠲᠠᠢ ᠨᠤᠶᠠᠨ ᠮᠠᠶᠢᠭ ᠵᠢᠡᠷ ᠰᠡᠢ᠍ᠢ᠍ᠯᠦᠭᠰᠡᠨ ᠪᠠᠢ᠍ᠢ᠍ᠳᠠᠭ᠃ 《ᠨᠤᠶᠠᠨ》᠎ᠨᠢ ᠲᠦᠷᠪᠡᠨ ᠵᠦᠭ ᠨᠠᠢ᠍ᠮᠠᠨ ᠵᠤᠪᠬᠢᠰ ᠪᠦᠬᠦ ᠤᠯᠤᠰ᠎ᠤᠨ ᠬᠡᠪᠴᠢᠶᠡᠨ᠎ᠡ 64 ᠰᠠᠭᠤᠳᠠᠯ᠎ᠳᠤ ᠬᠠᠮᠢᠭ᠎ᠠ᠎ᠨᠢ ᠪᠤᠯᠪᠠᠴᠤ ᠬᠦᠷᠴᠤ ᠴᠢᠳᠠᠨ᠎ᠠ᠃    
    ᠪᠠᠷᠰ᠄ ᠪᠠᠷᠰ ᠪᠤᠯ ᠨᠤᠶᠠᠨ᠎ᠤ ᠬᠠᠳᠤᠨ ᠪᠤᠯᠬᠤᠷ ᠲᠠᠢ᠍ᠢ᠍ᠨ ᠪᠠᠢ᠍ᠢ᠍ᠯᠳᠤᠭ᠋ᠠᠨ᠎ᠳᠤ ᠨᠤᠶᠠᠨ᠎ᠤ ᠡᠮᠦᠨ᠎ᠡ᠎ᠠᠴᠠ ᠠᠮᠢ ᠴᠦᠯᠡᠨ ᠪᠠᠢ᠍ᠢ᠍ᠯᠳᠤᠳᠠᠭ ᠡᠷᠡᠯᠭᠡᠭ ᠪᠠᠭ᠋ᠠᠳᠤᠷᠯᠢᠭ ᠡᠮᠡᠭᠳᠡᠢ ᠵᠠᠩᠵᠤᠨ ᠮᠦᠨ᠃ á  á ·á ¤ ᠭᠠᠵᠠᠷ᠎ᠤᠨ ᠮᠤᠩᠭᠤᠯᠴᠤᠳ á  á © ᠭᠦᠷᠦᠭᠡ ᠬᠢᠵᠦ ᠠᠷᠢᠶᠠᠳᠠᠨ ᠵᠢᠭᠦᠷᠳᠡᠨ᠎ᠢ ᠬᠠᠷᠪᠤᠵᠤ ᠨᠠᠮᠨᠠᠵᠤ ᠪᠠᠢ᠍ᠢ᠍ᠭᠰᠠᠨ ᠪᠤᠯᠬᠤᠷ ᠡᠨᠡ ᠬᠦ᠌ ᠡᠮᠡᠭᠳᠡᠢ ᠪᠠᠭ᠋ᠠᠳᠤᠷ᠎ᠢ ᠪᠠᠷᠳᠠᠭ᠋ᠠᠳᠤ ᠠᠭᠤᠯᠠᠨ᠎ᠳᠤ ᠤᠷᠤᠰᠢᠳᠠᠭ ᠬᠦᠴᠦᠷᠭᠡᠭ ᠠᠷᠢᠶᠠᠳᠠᠨ ᠪᠠᠷᠰ ᠪᠤᠯᠭ᠋ᠠᠨ ᠰᠡᠢ᠍ᠢ᠍ᠯᠤᠵᠡᠢ᠃ ᠪᠠᠷᠰ᠎ᠨᠢ ᠮᠤᠷᠢᠨ᠎ᠤ ᠨᠡᠭᠦᠳᠡᠯ᠎ᠠᠴᠠ ᠪᠤᠰᠤᠳ ᠨᠡᠭᠦᠳᠡᠯ᠎ᠢ ᠪᠦᠷ ᠶᠠᠪᠤᠵᠤ ᠴᠢᠳᠠᠳᠠᠭ᠃ ᠶᠤᠰᠤᠳᠠᠢ ᠡᠷᠳᠡᠮ ᠴᠢᠳᠠᠯ ᠬᠤᠤᠰᠯᠠᠭᠰᠠᠨ ᠪᠠᠭ᠋ᠠᠳᠤᠷ ᠪᠠᠢ᠍ᠢ᠍ᠵᠤ᠂ ᠬᠦᠨᠳᠡᠯᠡᠨ ᠭᠤᠯᠳᠤ ᠵᠢᠰᠢᠬᠦᠦ᠎ᠪᠠᠷ ᠬᠤᠯᠠ ᠤᠢ᠍ᠢ᠍ᠷ᠎ᠠ á ­á ¡á °á ¡á ¨ ᠦᠭᠡᠢ ᠰᠢᠪᠳᠤ ᠲᠠᠭ᠋ᠠᠷᠢᠨ ᠤᠷᠤᠭᠰᠢᠯᠠᠳᠠᠭ᠃ ᠡᠨᠡ᠎ᠨᠢ ᠮᠡᠬᠡᠳᠦ ᠪᠠᠭ᠋ᠠᠳᠤᠷ ᠮᠡᠷᠬᠡᠨ ᠪᠤᠳᠤᠯᠭ᠋ᠠᠳᠠᠢ ᠵᠠᠩᠵᠤᠨ᠎ᠢ ᠵᠦᠢ᠍ᠷᠯᠡᠭᠰᠡᠨ ᠶᠤᠮ᠃      
    ᠮᠤᠷᠢ᠄ ᠮᠤᠷᠢ ᠪᠤᠯ ᠮᠤᠩᠭᠤᠯ ᠦᠨᠳᠦᠰᠦᠳᠡᠨ᠎ᠤ ᠮᠤᠯᠤᠷ ᠡᠷᠳᠡᠨᠢ᠂ á  á ·á ¤ ᠭᠠᠵᠠᠷ᠎ᠤᠨ ᠠᠵᠢᠨᠠᠢ ᠬᠦᠯᠦᠭ᠂ ᠮᠠᠯᠴᠢᠨ ᠬᠦᠮᠦᠨ᠎ᠤ ᠬᠡᠢ᠍ᠢ᠍ᠮᠤᠷᠢ ᠰᠦᠯᠳᠡ᠂ ᠴᠡᠷᠢᠭ á ¡á ·á Žá ¡ ᠵᠢᠨ ᠲᠠᠢ᠍ᠢ᠍ᠴᠢᠨ ᠬᠠᠨᠢ ᠮᠦᠨ᠃ ᠮᠤᠩᠭᠤᠯ ᠰᠢᠳᠠᠷ᠎ᠠ ᠵᠢᠨ ᠮᠤᠷᠢ ᠵᠢ ᠬᠤᠷ ᠲᠡᠯ᠎ᠲᠠᠢ ᠬᠠᠩᠭ᠋ᠠᠯ ᠠᠵᠢᠷᠭ᠎ᠠ ᠪᠤᠶᠤ ᠬᠤᠷᠳᠤᠨ ᠭᠦᠶᠦᠳᠡᠯ᠎ᠲᠠᠢ ᠰᠦᠳᠦ ᠭᠡᠭᠦᠦ ᠤᠨᠠᠭ᠎ᠠ᠎ᠪᠠᠨ ᠬᠦᠬᠦᠭᠦᠯᠵᠦ ᠪᠠᠢ᠍ᠢ᠍ᠬᠤ᠎ᠪᠠᠷ ᠰᠡᠢ᠍ᠢ᠍ᠯᠦᠭᠰᠡᠨ ᠪᠠᠢ᠍ᠢ᠍ᠳᠠᠭ᠃ ᠡᠨᠡ᠎ᠨᠢ ᠠᠯᠤᠰ ᠬᠤᠯᠠ ᠵᠢᠨ á  á ¶á  á ¨ ᠲᠠᠢ᠍ᠢ᠍ᠨ᠎ᠳᠤ ᠠᠶᠤᠯ ᠲᠦᠭᠰᠢᠭᠦᠷᠢ ᠵᠢ ᠬᠠᠢ᠍ᠢ᠍ᠬᠤᠷᠤᠯ ᠦᠭᠡᠢ ᠲᠠᠪᠬᠢᠳᠠᠭ ᠮᠤᠩᠭᠤᠯ ᠮᠤᠷᠢ ᠵᠢᠨ 《ᠭᠠᠩ ᠲᠤᠭᠤᠷᠠᠢ》 ᠵᠢᠨ ᠴᠢᠳᠠᠯ᠎ᠢ ᠲᠦᠷᠰᠦᠯᠡᠵᠡᠢ᠃ ᠮᠤᠩᠭᠤᠯ ᠰᠢᠳᠠᠷ᠎ᠠ ᠵᠢᠨ ᠮᠤᠷᠢᠨ᠎ᠤ ᠬᠦᠨ᠎ᠡ ᠤᠷᠤᠵᠤ á  á ´á   ᠰᠠᠯᠠᠭ᠎ᠠ ᠬᠢᠵᠦ᠂ ᠴᠦᠮᠦᠷᠡᠯᠳᠦᠨ ᠲᠠᠭ᠋ᠠᠷᠢᠯᠳᠠ ᠬᠢᠬᠦ ᠤᠨᠴᠠᠯᠢᠭ᠎ᠨᠢ ᠮᠤᠩᠭᠤᠯ ᠮᠤᠷᠢᠳᠤ ᠴᠡᠷᠢᠭ᠎ᠤᠨ ᠮᠤᠷᠢᠨ ᠵᠢᠭᠰᠠᠭ᠋ᠠᠯ᠎ᠤᠨ ᠰᠦᠷ ᠵᠢᠪᠬᠤᠯᠠᠩ᠎ᠲᠠᠢ᠎ᠪᠠᠷ ᠤᠬᠤᠷᠢᠵᠤ ᠰᠠᠬᠢᠬᠤ᠂ ᠤᠷᠤᠬᠰᠢᠯᠠᠬᠤ᠂ ᠲᠠᠭ᠋ᠠᠷᠢᠬᠤ ᠬᠦᠳᠡᠯᠭᠡᠭᠡᠨᠳᠤ ᠲᠠᠢ᠍ᠢ᠍ᠨ᠎ᠤ ᠪᠤᠳᠤᠯᠭ᠎ᠠ ᠵᠢ ᠲᠦᠪᠯᠡᠷᠡᠭᠦᠯᠦᠨ ᠲᠤᠰᠬᠠᠵᠠᠢ᠃    
    ᠲᠡᠮᠡᠭᠡ᠄ ᠲᠡᠮᠡᠭᠡ ᠪᠤᠯ ᠮᠤᠩᠭᠤᠯ ᠭᠠᠵᠠᠷ᠎ᠤᠨ ᠨᠡᠭᠦᠳᠡᠯ ᠠᠵᠤ ᠠᠬᠤᠢ᠎ᠳᠤ ᠲᠤᠳᠠᠭᠳᠠᠵᠤ ᠪᠤᠯᠤᠰᠢ ᠦᠭᠡᠢ ᠠᠴᠢᠶ᠎ᠠ ᠵᠦᠭᠡᠭᠡᠪᠦᠷᠢ ᠵᠢᠨ ᠬᠡᠷᠡᠭᠰᠡᠯ ᠮᠦᠨ᠃ ᠮᠤᠩᠭᠤᠯ ᠰᠢᠳᠠᠷ᠎ᠠ ᠵᠢᠨ ᠲᠡᠮᠡᠭᠡ ᠵᠢ ᠰᠢᠯᠢ᠎ᠪᠠᠨ ᠬᠠᠨᠳᠠᠷᠴᠤ ᠰᠡᠭᠦᠯ ᠵᠢᠡᠨ ᠰᠠᠪᠠᠵᠤ ᠪᠠᠢ᠍ᠢ᠍ᠭ᠎ᠠ ᠭᠠᠯᠵᠠᠭᠤ ᠪᠤᠤᠷ᠎ᠠ ᠪᠤᠶᠤ ᠠᠴᠢᠶ᠎ᠠ ᠬᠦᠰᠭᠡ᠎ᠲᠠᠢ ᠠᠯᠤᠰ ᠭᠠᠵᠠᠷ ᠠᠶᠠᠯᠠᠨ ᠶᠠᠪᠤᠳᠠᠭ ᠠᠳᠠᠨ ᠲᠡᠮᠡᠭᠡ᠎ᠪᠠᠷ ᠰᠡᠢ᠍ᠢ᠍ᠯᠦᠭᠰᠡᠨ ᠪᠠᠢ᠍ᠢ᠍ᠳᠠᠭ᠃ ᠡᠨᠡ᠎ᠨᠢ á ´á  á °á ¤ ᠪᠤᠷᠤᠭ᠋ᠠᠨ ᠬᠦᠢ᠍ᠳᠡᠨ ᠬᠠᠭᠰᠠᠷᠠᠭ᠎ᠠ ᠪᠠ ᠦᠯᠦᠰᠴᠤ ᠦᠯᠪᠡᠷᠬᠦ᠎ᠠᠴᠠ ᠠᠶᠤᠬᠤ ᠦᠭᠡᠢ᠂ ᠨᠡᠯᠢᠶᠡᠳ ᠡᠳᠦᠷ ᠬᠤᠨᠤᠭ ᠵᠢᠡᠷ ᠲᠡᠰᠪᠤᠷᠢᠯᠡᠨ ᠶᠠᠪᠤᠵᠤ ᠴᠢᠳᠠᠳᠠᠭ ᠮᠤᠩᠭᠤᠯ ᠤᠷᠤᠨ᠎ᠤ ᠤᠷᠳᠤ ᠬᠦᠯ᠎ᠲᠠᠢ ᠤᠳᠠᠭ᠋ᠠᠨ ᠲᠠᠭ᠋ᠠᠭ᠋ᠠᠮᠠᠭ᠋ᠠᠢ ᠲᠡᠮᠡᠭᠡ ᠵᠢᠨ ᠲᠦᠷᠢ ᠵᠢ ᠦᠵᠡᠭᠦᠯᠵᠡᠢ᠃    
    ᠬᠠᠰᠠᠭ᠄ ᠬᠠᠰᠠᠭ ᠲᠡᠷᠭᠡ ᠪᠤᠯ ᠮᠤᠩᠭᠤᠯ᠎ᠤᠨ ᠦᠨᠳᠦᠷᠯᠢᠭ᠎ᠲᠤ ᠠᠯᠢ ᠡᠷᠳᠡᠨ᠎ᠠᠴᠠ ᠬᠡᠷᠡᠭᠯᠡᠭᠰᠡᠭᠡᠷ ᠢᠷᠡᠭᠰᠡᠨ ᠵᠦᠭᠡᠭᠡᠪᠤᠷᠢ ᠵᠢᠨ ᠭᠤᠤᠯ ᠪᠠᠭ᠋ᠠᠵᠢ ᠮᠦᠨ᠃ ᠬᠠᠩᠭ᠋ᠠᠢ ᠲᠡᠷᠭᠡ᠂ ᠬᠠᠰᠠᠭ ᠲᠡᠷᠭᠡ᠂ ᠦᠨᠳᠦᠷ ᠲᠡᠷᠭᠡ᠂ ᠦᠵᠢᠶᠡᠨ ᠲᠡᠷᠭᠡ᠂ ᠦᠯᠴᠢᠭᠡᠳᠡᠢ ᠲᠡᠷᠭᠡ ᠪᠤᠯ ᠮᠤᠩᠭᠤᠯ᠎ᠤᠨ ᠨᠡᠭᠦᠳᠡᠯ ᠠᠮᠢᠳᠤᠷᠠᠯ᠎ᠤᠨ ᠪᠦᠳᠦᠭᠡᠯ ᠶᠤᠮ᠃ ᠬᠦᠰᠭᠡ ᠲᠡᠷᠭᠡ᠎ᠪᠠᠨ ᠬᠦᠳᠦᠯᠵᠦ ᠬᠦᠯᠦᠭ ᠮᠤᠷᠢ᠎ᠪᠠᠨ ᠤᠨᠤᠵᠤ ᠶᠠᠪᠤᠳᠠᠭ ᠮᠤᠩᠭᠤᠯᠴᠤᠳ᠎ᠲᠤ ᠲᠡᠷᠭᠡ ᠪᠤᠯ ᠶᠠᠷᠤ᠎ᠠᠴᠠ ᠲᠤᠳᠠᠭᠳᠠᠵᠤ ᠪᠤᠯᠤᠰᠢ ᠦᠭᠡᠢ ᠦᠢ᠍ᠯᠡᠳᠪᠦᠷᠢᠯᠡᠯ ᠠᠮᠢᠳᠤᠷᠠᠯ᠎ᠤᠨ ᠬᠡᠷᠡᠭᠰᠡᠯ ᠮᠦᠨ᠃ ᠡᠢ᠍ᠢ᠍ᠮᠦ᠎ᠠᠴᠠ ᠮᠤᠩᠭᠤᠯ ᠰᠢᠳᠠᠷ᠎ᠠ᠎ᠳᠤ ᠬᠠᠰᠠᠭ ᠲᠡᠷᠭᠡ ᠪᠤᠶᠤ ᠬᠠᠮ ᠲᠡᠷᠭᠡ ᠵᠢ ᠰᠡᠢ᠍ᠢ᠍ᠯᠦᠭᠰᠡᠨ ᠪᠠᠢ᠍ᠢ᠍ᠳᠠᠭ᠃    
    ᠬᠦᠦ᠄ ᠮᠤᠩᠭᠤᠯᠴᠤᠳ ᠦᠷ᠎ᠡ ᠬᠡᠤᠬᠡᠳ ᠵᠢᠨᠨ ᠠᠷᠠᠳ᠎ᠤᠨ ᠦᠨᠳᠦᠰᠦ᠂ ᠠᠮᠢᠳᠤ ᠡᠷᠳᠡᠨᠢ ᠪᠤᠯᠭ᠋ᠠᠨ ᠦᠵᠡᠳᠡᠭ᠃ ᠡᠢ᠍ᠢ᠍ᠮᠦ᠎ᠠᠴᠠ ᠮᠤᠩᠭᠤᠯ ᠰᠢᠳᠠᠷ᠎ᠠ ᠵᠢᠨ ᠨᠠᠢ᠍ᠮᠠᠨ ᠰᠠᠭᠤᠳᠠᠯ᠎ᠢ ᠲᠦᠭᠦᠷᠡᠩ ᠡᠵᠡᠯᠡᠭᠦᠯᠦᠨ á  á ·á  á ³ ᠢᠷᠭᠡᠳ á  á ´á ¢ ᠦᠷ᠎ᠡ᠎ᠪᠠᠨ ᠲᠦᠯᠦᠭᠡᠯᠡᠭᠦᠯᠪᠡ᠃ ᠮᠤᠩᠭᠤᠯ ᠰᠢᠳᠠᠷ᠎ᠠ ᠵᠢᠨ ᠬᠦᠦ ᠵᠢ ᠤᠷᠤᠯᠳᠤᠭ᠋ᠠᠨ᠎ᠤ ᠮᠤᠷᠢ ᠤᠨᠤᠭᠰᠠᠨ ᠪᠤᠶᠤ ᠪᠦᠬᠡ ᠪᠠᠷᠢᠯᠳᠤᠵᠤ ᠪᠠᠢ᠍ᠢ᠍ᠭ᠎ᠠ ᠬᠡᠤᠬᠡᠳ᠎ᠤᠨ ᠶᠠᠩᠵᠤ᠎ᠪᠠᠷ ᠤᠷᠠᠯᠠᠨ ᠰᠡᠢ᠍ᠢ᠍ᠯᠦᠭᠰᠡᠨ ᠶᠤᠮ᠃ ᠡᠳᠡᠭᠡᠷ ᠬᠡᠤᠬᠡᠳ  á Žá ¨á ¢   ᠦᠵᠦᠭᠦᠷ᠎ᠲᠤ   ᠬᠦᠷᠪᠡᠯ᠂ ᠵᠢᠰᠢᠭᠦᠦ   ᠱᠤᠭᠤᠮ   ᠵᠢᠡᠷ   ᠨᠢᠳᠤ  á Žá ²á  á ¢   ᠬᠠᠩᠭ᠋ᠠᠢ   ᠪᠤᠶᠤ   ᠪᠠᠷᠰ   ᠪᠤᠯᠭ᠋ᠠᠨ ᠬᠤᠪᠢᠷᠠᠭᠤᠯᠳᠠᠭ᠃    
    ᠮᠤᠩᠭᠤᠯ ᠰᠢᠳᠠᠷ᠎ᠠ ᠵᠢᠨ ᠤᠯᠠᠷᠢᠨ ᠬᠤᠪᠢᠰᠬᠤ᠎ᠨᠢ ᠲᠤᠩ ᠤᠷᠠᠨ ᠨᠠᠷᠢᠨ ᠪᠦᠭᠡᠳ ᠪᠤᠳᠤᠯᠢᠶᠠᠨ᠎ᠲᠠᠢ ᠪᠠᠢ᠍ᠢ᠍ᠳᠠᠭ᠃ ᠤᠷᠤᠭᠰᠢᠯᠠᠬᠤ᠂ ᠤᠬᠤᠷᠢᠬᠤ᠂ ᠲᠤᠪᠳᠤᠯᠬᠤ᠂ ᠬᠤᠷᠢᠭᠯᠠᠬᠤ᠂ ᠭᠡᠳᠡᠷᠭᠦ ᠲᠠᠭ᠋ᠠᠷᠢᠬᠤ᠂ ᠭᠡᠨᠡᠳᠳᠡ᠎ᠪᠠᠷ ᠴᠦᠮᠦᠷᠡᠨ ᠤᠷᠤᠬᠤ᠂ ᠬᠠᠯᠬᠠᠯᠠᠬᠤ᠂ ᠵᠠᠢ᠍ᠢ᠍ᠯᠠᠭᠤᠯᠬᠤ᠂ ᠬᠠᠭᠤᠷᠤᠨ ᠮᠡᠭᠡᠯᠡᠵᠦ᠂ ᠪᠤᠴᠠᠵᠤ ᠪᠤᠷᠤᠭᠤᠯᠠᠬᠤ᠂ ᠪᠡᠬᠢᠯᠠᠵᠦ ᠰᠠᠬᠢᠬᠤ᠂ ᠬᠠᠷᠰᠢ á °á  á ­á ‹á  á ³ ᠬᠢᠬᠦ᠂ ᠪᠤᠭᠤᠭᠳᠠᠭᠤᠯᠬᠤ᠂ ᠪᠤᠳᠠ ᠬᠠᠶᠠᠵᠤ ᠦᠳᠦᠭᠡᠬᠦ᠂ ᠵᠡᠭᠦᠨ᠎ᠢ ᠵᠢᠭ᠋ᠠᠵᠤ ᠪᠠᠷᠠᠭᠤᠨ᠎ᠢ ᠴᠤᠬᠢᠬᠤ᠂ ᠤᠷᠤᠨ ᠰᠤᠯᠠᠯᠠᠵᠤ ᠵᠠᠮ ᠨᠡᠭᠡᠭᠡᠬᠦ ᠵᠡᠷᠭᠡ ᠤᠯᠠᠨ á  á ·á ­á Žá   ᠰᠠᠮᠪᠠᠭ᠎ᠠ ᠵᠢ ᠬᠡᠷᠡᠭᠯᠡᠵᠦ ᠪᠠᠢ᠍ᠢ᠍ᠭ᠋ᠠᠳ ᠨᠦᠬᠦᠭᠡ ᠡᠳᠡᠭᠡᠳ᠎ᠤᠨ ᠪᠤᠳᠠ ᠬᠦᠦ ᠵᠢ ᠤᠰᠠᠳᠬᠠᠨ᠂ ᠪᠡᠬᠢᠯᠡᠯᠳᠡ ᠵᠢ ᠡᠪᠳᠡᠵᠦ᠂ ᠪᠤᠭᠤᠮᠳᠠ ᠵᠢ ᠡᠵᠡᠯᠡᠨ ᠢᠯᠠᠯᠳᠠ ᠤᠯᠬᠤ᠎ᠳᠤ ᠬᠦᠷᠭᠡᠳᠡᠭ᠃ ᠲᠡᠭᠦᠨ᠎ᠤ ᠰᠤᠨᠢᠨ ᠨᠢᠭᠤᠴᠠ á  á ·á ­á Žá   ᠪᠤᠳᠤᠯᠭ᠎ᠠ ᠵᠢ ᠰᠦᠪᠡᠭᠴᠢᠯᠡᠨ ᠪᠤᠳᠤᠳᠠᠭ᠎ᠨᠢ ᠬᠦᠮᠦᠰ᠎ᠲᠤ ᠲᠠᠷᠤᠤ ᠬᠢᠴᠢᠶᠡᠩᠭᠦᠢ ᠪᠠᠷᠳᠠᠮᠨᠠᠬᠤ ᠦᠭᠡᠢ᠂ ᠪᠠᠰᠤᠬᠤ ᠦᠭᠡᠢ᠂ ᠪᠠᠭ᠋ᠠᠳᠤᠷᠯᠢᠭ ᠪᠦᠭᠡᠳ ᠪᠤᠳᠠᠰᠴᠢ ᠬᠤᠪᠢᠰᠤᠩᠭᠤᠢ ᠦᠵᠡᠯ ᠵᠢᠡᠷ ᠠᠰᠠᠭᠤᠳᠠᠯ᠎ᠢ ᠦᠵᠡᠬᠦ á  á ·á ­á Žá   ᠵᠢ ᠡᠵᠡᠮᠰᠢᠭᠦᠯᠬᠦ᠂ ᠪᠤᠳᠤᠯᠢᠶᠠᠨ᠎ᠲᠠᠢ ᠪᠠᠢ᠍ᠢ᠍ᠳᠠᠯ᠎ᠢ ᠠᠵᠢᠭᠯᠠᠨ ᠰᠢᠨᠵᠢᠬᠦ᠂ ᠵᠦᠢ᠍ᠴᠢᠯᠡᠨ ᠮᠠᠭ᠋ᠠᠳᠯᠠᠬᠤ ᠴᠢᠳᠠᠪᠤᠷᠢ ᠵᠢ᠎ᠨᠢ ᠲᠡᠭᠡᠭᠰᠢᠯᠡᠭᠦᠯᠳᠡᠭ᠃  
    ᠮᠤᠩᠭᠤᠯ ᠰᠢᠳᠠᠷ᠎ᠠ ᠵᠢᠨ ᠬᠦᠦ ᠲᠠᠢ᠍ᠢ᠍ᠰᠤᠨ᠎ᠤ á  á ·á ¤ ᠬᠠᠯᠬᠠᠪᠴᠢ᠎ᠳᠤ ᠭᠠᠷᠤᠭᠰᠠᠨ᠎ᠤ ᠰᠡᠭᠦᠯᠡᠷ ᠬᠠᠮᠤᠭ ᠡᠴᠦᠰ᠎ᠤᠨ ᠬᠦᠨᠳᠡᠯᠡᠨ ᠱᠤᠭᠤᠮ᠎ᠳᠤ ᠬᠦᠷᠪᠡᠯ ᠲᠡᠷᠡ ᠲᠤᠤᠷ᠎ᠠ᠎ᠪᠠᠨ ᠶᠠᠮᠠᠷ ᠨᠢᠭᠡᠨ ᠪᠤᠳᠠ ᠦᠭᠡᠢ ᠭᠠᠵᠠᠷ ᠪᠠᠢ᠍ᠢ᠍ᠪᠠᠯ ᠲᠡᠭᠦᠨ᠎ᠢ ᠨᠦᠬᠦᠪᠦᠷᠢᠯᠡᠨ᠎ᠡ᠃ ᠡᠨᠡ᠎ᠨᠢ ᠰᠤᠯᠠ ᠴᠡᠷᠢᠭ ᠪᠤᠯᠪᠠᠴᠤ ᠭᠠᠪᠢᠶ᠎ᠠ ᠪᠠᠢ᠍ᠢ᠍ᠭᠤᠯᠵᠤ ᠲᠠᠢ᠍ᠢ᠍ᠰᠤᠨ᠎ᠤ á  á ·á ¤ ᠪᠡᠬᠢᠯᠡᠯᠳᠡ᠎ᠳᠤ ᠬᠦᠷᠦᠭᠰᠡᠨ ᠲᠤᠯᠠ ᠲᠠᠢ᠍ᠢ᠍ᠨ ᠪᠠᠢ᠍ᠢ᠍ᠯᠳᠤᠭ᠋ᠠᠨ᠎ᠤ ᠲᠤᠮᠳᠠ ᠶᠠᠮᠠᠷ ᠨᠢᠭᠡᠨ ᠦᠬᠦᠭᠰᠡᠨ ᠵᠠᠩᠵᠤᠨ᠎ᠢ ᠤᠷᠤᠯᠠᠵᠤ ᠲᠠᠢ᠍ᠢ᠍ᠨ ᠪᠠᠢ᠍ᠢ᠍ᠯᠳᠤᠭ᠋ᠠᠨ᠎ᠢ ᠤᠳᠤᠷᠢᠳᠤᠨ ᠶᠠᠪᠤᠭᠤᠯᠵᠤ ᠪᠠᠢ᠍ᠢ᠍ᠭ᠎ᠠ ᠶᠠᠪᠤᠳᠠᠯ ᠪᠤᠯᠤᠨ᠎ᠠ᠃  
    ᠮᠤᠩᠭᠤᠯ ᠰᠢᠳᠠᠷ᠎ᠠ ᠵᠢᠨ ᠢᠯᠠᠭᠰᠠᠨ ᠡᠳᠡᠭᠡᠳ᠎ᠨᠢ ᠶᠠᠮᠠᠷ ᠶᠡᠬᠡ ᠱᠦᠭᠦᠳᠡᠯ ᠵᠢᠡᠷ ᠢᠯᠠᠭᠰᠠᠨ ᠪᠤᠯᠪᠠᠴᠤ ᠨᠦᠭᠦᠬᠡ ᠡᠳᠡᠭᠡᠳ᠎ᠲᠤ᠎ᠪᠠᠨ ᠵᠠᠪᠠᠯ ᠨᠢᠭᠡ ᠬᠦᠦ ᠦᠯᠡᠳᠡᠭᠡᠨ ᠦᠭᠬᠦ ᠶᠤᠰᠤᠳᠠᠢ᠂ ᠡᠨᠡ᠎ᠨᠢ ᠮᠤᠩᠭᠤᠯᠴᠤᠳ ᠠᠮᠢᠳᠤᠷᠠᠯ ᠪᠠ ᠲᠠᠢ᠍ᠢ᠍ᠨ ᠪᠠᠢ᠍ᠢ᠍ᠯᠳᠤᠭ᠋ᠠᠨ᠎ᠤ ᠲᠤᠮᠳᠠ᠎ᠪᠠᠨ ᠡᠰᠡᠷᠬᠦ ᠲᠠᠢ᠍ᠢ᠍ᠰᠤᠨ᠎ᠳᠤ᠎ᠪᠠᠨ ᠵᠠᠪᠠᠯ ᠨᠢᠭᠡ ᠬᠦᠦ ᠦᠯᠡᠳᠡᠭᠡᠨ ᠦᠭᠬᠦ ᠶᠤᠰᠤ ᠵᠢ ᠵᠢᠷᠤᠮᠯᠠᠨ ᠬᠦᠮᠦᠨ᠎ᠢ ᠦᠷ᠎ᠡ á  á ´á ¢ ᠨᠠᠷ ᠦᠭᠡᠢ   ᠪᠤᠯᠳᠠᠯ᠎ᠠ ᠦᠨᠳᠦᠰᠦ ᠵᠢ᠎ᠨᠢ ᠲᠠᠰᠤᠯᠬᠤ ᠵᠢ ᠤᠨᠴᠠ ᠴᠡᠭᠡᠷᠯᠡᠳᠡᠭ ᠵᠠᠩᠰᠢᠯ᠎ᠠᠴᠠ ᠢᠷᠡᠭᠰᠡᠨ ᠲᠦᠷᠢᠮ ᠪᠤᠯᠤᠨ᠎ᠠ á ƒ  
    ᠮᠤᠷᠢ᠎ᠪᠠᠷ ᠱᠦᠭᠦᠳᠡᠯ᠎ᠤᠨ ᠨᠢᠭᠡᠨ ᠪᠠᠭ᠋ᠠᠵᠢ ᠪᠤᠯᠭ᠋ᠠᠨ ᠱᠠᠯᠠᠵᠤ ᠦᠩᠭᠡᠷᠡᠭᠦᠯᠬᠦ᠎ᠠᠴᠠ ᠪᠢᠰᠢ ᠬᠠᠮᠤᠭ ᠲᠡᠭᠦᠰᠭᠡᠯ᠎ᠤᠨ ᠱᠠᠯᠠᠭ᠎ᠠ ᠬᠢᠬᠦ ᠵᠢ ᠴᠡᠭᠡᠷᠯᠡᠨ᠎ᠡ᠃ ᠡᠨᠡ᠎ᠨᠢ ᠮᠤᠩᠭᠤᠯ᠎ᠤᠨ ᠠᠮᠢᠳᠤᠷᠠᠯ᠎ᠤᠨ ᠲᠤᠮᠳᠠ᠂ ᠬᠦᠮᠦᠨ᠎ᠢ ᠮᠤᠷᠢᠨ ᠴᠢᠳᠤᠷ ᠵᠢᠡᠷ ᠴᠢᠳᠦᠷᠯᠡᠬᠦ ᠦᠭᠡᠢ ᠵᠠᠩᠰᠢᠯ᠎ᠠᠴᠠ ᠢᠷᠡᠯ᠎ᠲᠠᠢ ᠪᠠᠢ᠍ᠢ᠍ᠵᠤ ᠮᠡᠳᠡᠨ᠎ᠡ á ƒ      
    ᠮᠤᠩᠭᠤᠯ ᠰᠢᠳᠠᠷ᠎ᠠ ᠵᠢᠨ ᠬᠠᠮᠤᠭ ᠶᠡᠬᠡ ᠱᠦᠭᠦᠳᠡᠯ ᠳ᠋ᠠᠮᠳᠠᠭ᠋ᠠᠷ ᠪᠤᠯ ᠨᠡᠢ᠍ᠢ᠍ᠳᠡ ᠲᠠᠪᠤᠨ ᠱᠠᠯᠠᠭ᠎ᠠ᠎ᠪᠠᠷ ᠱᠠᠯᠠᠵᠤ ᠲᠡᠭᠦᠰᠬᠡᠨ᠎ᠡ᠃ ᠱᠠᠯᠠᠭ᠎ᠠ ᠪᠦᠷᠢ ᠵᠢᠨ ᠲᠤᠭᠳᠠᠭᠰᠠᠨ ᠦᠭᠡᠰ᠎ᠨᠢ á „      
    ᠲᠡᠭᠷᠢ ᠵᠢᠨ ᠬᠦᠦ ᠳ᠋ᠠᠮᠳᠠᠭ᠋ᠠᠷ ᠲᠡᠷᠢᠭᠦᠨ      
    ᠲᠡᠭᠡᠷ᠎ᠡ ᠴᠢᠨᠢ ᠨᠢᠷᠭᠢᠨ᠎ᠡ ᠱᠠ᠂      
    ᠬᠠᠰᠠᠭ ᠲᠡᠷᠭᠡ᠎ᠪᠠᠷ ᠲᠠᠭ᠋ᠠᠷᠢᠭᠤᠯᠤᠨ᠎ᠠ ᠱᠠ᠂      
    ᠬᠠᠷ᠎ᠠ ᠪᠤᠤᠷ᠎ᠠ᠎ᠪᠠᠷ ᠲᠡᠪᠰᠡᠭᠦᠯᠦᠨ᠎ᠡ ᠱᠠ᠂      
    ᠦᠷᠦᠭᠡᠯᠳᠦ ᠮᠤᠷᠢ᠎ᠪᠠᠷ ᠢᠰᠭᠦᠯᠦᠭᠦᠯᠦᠨ᠎ᠡ ᠱᠠ᠂      
    ᠦᠨᠦᠴᠢᠨ ᠬᠦᠦ᠎ᠪᠠᠷ ᠦᠬᠦᠬᠦᠯᠦᠨ᠎ᠡ ᠱᠠ ᠭᠡᠮᠡᠨ ᠲᠡᠭᠦᠰᠭᠡᠨ᠎ᠡ᠃    
    《ᠱᠠ》 ᠭᠡᠭᠴᠢ᠎ᠨᠢ ᠱᠠᠯᠠᠭ᠎ᠠ ᠵᠢ ᠲᠦᠭᠦᠮᠴᠢᠯᠡᠭᠰᠡᠨ ᠮᠤᠩᠭᠤᠯ ᠰᠢᠳᠠᠷ᠎ᠠ ᠵᠢᠨ ᠲᠤᠰᠬᠠᠢ ᠨᠡᠷᠡᠰ᠃  
    ᠬᠤᠶᠠᠷ᠂ ᠮᠤᠩᠭᠤᠯ ᠰᠢᠳᠠᠷ᠎ᠠ ᠪᠤᠯᠤᠨ ᠲᠡᠯᠡᠭᠡᠢ ᠵᠢᠨ ᠰᠢᠳᠠᠷ᠎ᠠ ᠵᠢᠨ ᠵᠦᠷᠢᠶ᠎ᠡ  
    ᠮᠤᠩᠭᠤᠯ ᠰᠢᠳᠠᠷ᠎ᠠ 800 ᠤᠨ᠎ᠤ ᠲᠡᠤᠬᠡ᠎ᠲᠠᠢ᠂ ᠲᠡᠯᠡᠭᠡᠢ ᠵᠢᠨ ᠰᠢᠳᠠᠷ᠎ᠠ 13 ᠳ᠋ᠤᠭ᠋ᠠᠷ ᠵᠠᠭᠤᠨ᠎ᠤ ᠦᠶ᠎ᠡ᠎ᠠᠴᠠ ᠡᠭᠦᠰᠦᠭᠰᠡᠨ ᠲᠡᠤᠬᠡ᠎ᠲᠠᠢ᠂ ᠮᠤᠩᠭᠤᠯ ᠰᠢᠳᠠᠷ᠎ᠠ ᠪᠤᠯᠤᠨ ᠲᠡᠯᠡᠭᠡᠢ ᠵᠢᠨ ᠰᠢᠳᠠᠷ᠎ᠠ ᠵᠢᠨ ᠬᠦᠯᠬᠡ᠂ ᠰᠠᠭᠤᠳᠠᠯ᠂ ᠬᠦᠦ ᠪᠤᠳᠠ ᠵᠢᠨ ᠲᠤᠭ᠎ᠠ ᠨᠢᠭᠡᠨ ᠠᠳᠠᠯᠢ ᠵᠦᠪᠬᠡᠨ ᠨᠡᠭᠦᠳᠡᠯᠯᠡᠬᠦ ᠠᠷᠭ᠎ᠠ᠎ᠨᠢ ᠵᠦᠷᠢᠶ᠎ᠡ᠎ᠲᠠᠢ᠃ ᠲᠡᠯᠡᠬᠡᠢ ᠵᠢᠨ ᠰᠢᠳᠠᠷ᠎ᠠ   ᠪᠤᠯ   ᠨᠤᠶᠠᠨ   ᠪᠠ   ᠲᠡᠷᠭᠡ ᠬᠦᠳᠡᠯᠦᠭᠰᠡᠨ   ᠦᠭᠡᠢ   ᠪᠤᠯ   ᠬᠤᠶᠠᠭᠤᠯᠠ   ᠰᠠᠭᠤᠳᠠᠯ ᠵᠢᠡᠨ ᠰᠤᠯᠢᠵᠤ ᠪᠤᠯᠤᠨ᠎ᠠ᠃  
    ᠮᠤᠩᠭᠤᠯ ᠰᠢᠳᠠᠷ᠎ᠠ ᠬᠦᠳᠡᠯᠭᠦ ᠡᠰᠡᠬᠦ ᠵᠢ ᠬᠠᠮᠢᠶᠠᠷᠬᠤ ᠦᠭᠡᠢ᠂ ᠨᠤᠶᠠᠨ᠂ ᠲᠡᠷᠭᠡ ᠵᠢᠨ ᠰᠠᠭᠤᠳᠠᠯ᠎ᠢ á ¶á  á ·á ¦ ᠰᠤᠯᠢᠵᠤ ᠪᠤᠯᠬᠤ ᠦᠭᠡᠢ᠃  
    ᠲᠡᠯᠡᠬᠡᠢ ᠵᠢᠨ ᠰᠢᠳᠠᠷ᠎ᠠ ᠡᠬᠢᠯᠡᠨ ᠨᠡᠭᠦᠭᠦ ᠦᠶ᠎ᠡ᠎ᠳᠤ ᠪᠤᠳᠠ ᠪᠤᠶᠤ ᠬᠦᠦ ᠵᠢᠨ ᠠᠯᠢ᠎ᠨᠢ ᠴᠤ᠌ ᠪᠦᠷ ᠤᠷᠢᠳᠴᠢᠯᠡᠨ ᠨᠡᠭᠦᠵᠦ ᠪᠤᠯᠤᠨ᠎ᠠ᠃ ᠮᠤᠩᠭᠤᠯ ᠰᠢᠳᠠᠷ᠎ᠠ ᠵᠢᠨ ᠡᠬᠢᠯᠡᠯ᠎ᠤᠨ ᠨᠡᠭᠦᠳᠡᠯ ᠡᠷᠬᠡᠪᠰᠢ ᠪᠠᠷᠰ᠎ᠤᠨ ᠡᠮᠦᠨᠡᠬᠢ ᠬᠦᠦ ᠤᠷᠤᠭᠰᠢ ᠨᠡᠬᠦᠬᠦ ᠪᠤᠶᠤ ᠬᠤᠶᠠᠷ ᠡᠳᠡᠭᠡᠳ ᠬᠠᠷᠢᠯᠴᠠᠨ ᠲᠤᠭᠳᠠᠭᠰᠠᠨ ᠪᠠᠢ᠍ᠢ᠍ᠪᠠᠯ ᠨᠤᠶᠠᠨ᠎ᠤ ᠡᠮᠦᠨᠡᠬᠢ ᠬᠦᠦ᠎ᠠᠴᠠ   ᠡᠬᠢᠯᠡᠨ   ᠨᠡᠬᠦᠬᠦ   ᠵᠠᠩᠰᠢᠯ  á Žá ²á  á ¢á ƒ ᠭᠡᠪᠡᠴᠦ   ᠪᠤᠰᠤᠳ   ᠪᠤᠳᠠ   ᠪᠠ   ᠬᠦᠦ  á Žá  á ´á     ᠡᠬᠢᠯᠡᠨ   ᠨᠡᠭᠦᠵᠦ ᠪᠤᠯᠬᠤ ᠦᠭᠡᠢ᠃    
    ᠲᠡᠯᠡᠭᠡᠢ ᠵᠢᠨ ᠰᠢᠳᠠᠷ᠎ᠠ ᠵᠢᠨ ᠬᠦᠦ ᠡᠬᠢᠯᠡᠨ ᠤᠷᠤᠭᠰᠢ ᠨᠡᠭᠦᠭᠦ᠎ᠳᠤ᠎ᠪᠠᠨ ᠨᠢᠭᠡ ᠪᠤᠶᠤ ᠬᠤᠶᠠᠷ ᠰᠠᠭᠤᠳᠠᠯ ᠵᠢᠡᠷ ᠪᠦᠷ ᠤᠷᠤᠭᠰᠢ ᠨᠡᠭᠦᠵᠦ ᠪᠤᠯᠤᠨ᠎ᠠ᠃ ᠮᠤᠩᠭᠤᠯ ᠰᠢᠳᠠᠷ᠎ᠠ ᠵᠢᠨ ᠨᠤᠶᠠᠨ ᠪᠤᠶᠤ ᠪᠠᠷᠰ᠎ᠤᠨ ᠡᠮᠦᠨᠡᠬᠢ ᠬᠦᠦ ᠡᠬᠢᠯᠡᠨ ᠨᠡᠭᠦᠭᠦ᠎ᠳᠤ᠎ᠪᠠᠨ ᠨᠢᠭᠡ ᠪᠤᠶᠤ ᠬᠤᠶᠠᠷ ᠰᠠᠭᠤᠳᠠᠯ ᠨᠡᠭᠦᠵᠤ ᠪᠤᠯᠬᠤ᠎ᠠᠴᠠ ᠭᠠᠳᠠᠨ᠎ᠠ᠂ ᠪᠤᠰᠤᠳ ᠬᠦᠦ᠎ᠨᠢ ᠪᠦᠷ ᠨᠢᠭᠡ ᠨᠢᠭᠡ ᠰᠠᠭᠤᠳᠠᠯ ᠵᠢᠡᠷ ᠨᠡᠬᠦᠬᠦ ᠶᠤᠰᠤ᠎ᠲᠠᠢ᠃  
    ᠲᠡᠯᠡᠬᠡᠢ ᠵᠢᠨ ᠰᠢᠳᠠᠷ᠎ᠠ᠎ᠳᠤ ᠮᠤᠷᠢ ᠪᠤᠶᠤ ᠲᠡᠮᠡᠭᠡ ᠲᠤᠬᠢᠶᠠᠯ᠎ᠲᠠᠢ ᠪᠤᠯ ᠰᠢᠭᠤᠳ ᠨᠤᠶᠠᠨ᠎ᠢ ᠱᠠᠯᠠᠵᠤ ᠲᠡᠭᠦᠰᠬᠡᠨ᠎ᠡ᠃ ᠮᠤᠩᠭᠤᠯ ᠰᠢᠳᠠᠷ᠎ᠠ ᠵᠢᠨ ᠮᠤᠷᠢ ᠲᠡᠮᠡᠭᠡ ᠵᠦᠪᠬᠡᠨ ᠱᠠᠯᠠᠵᠤ ᠦᠩᠭᠡᠷᠡᠬᠦᠯᠬᠦ᠎ᠠᠴᠠ ᠪᠢᠰᠢ ᠰᠢᠭᠤᠳ ᠱᠠᠯᠠᠵᠤ ᠦᠬᠦᠬᠦᠯᠵᠦ ᠪᠤᠯᠬᠤ ᠦᠭᠡᠢ᠃ ᠡᠨᠡ᠎ᠨᠢ ᠠᠮᠢᠳᠠᠨ ᠬᠦᠮᠦᠨ᠎ᠢ ᠠᠯᠠᠵᠤ ᠪᠤᠯᠬᠤ ᠦᠭᠡᠢ á ­á ¡á °á ¡á ¨ ᠵᠠᠩᠰᠢᠯ᠎ᠠᠴᠠ ᠢᠷᠡᠭᠰᠡᠨ ᠪᠠᠢ᠍ᠢ᠍ᠨ᠎ᠠ᠃    
    ᠲᠡᠯᠡᠬᠡᠢ ᠵᠢᠨ ᠰᠢᠳᠠᠷ᠎ᠠ᠎ᠳᠤ ᠵᠠᠪᠰᠢᠶᠠᠨ᠎ᠲᠠᠢ ᠪᠤᠯ ᠪᠤᠳᠠ ᠪᠠ ᠬᠦᠦ ᠵᠢ ᠪᠦᠷ ᠢᠳᠡᠬᠦ ᠵᠢ ᠬᠢᠵᠠᠭ᠋ᠠᠷᠯᠠᠬᠤ ᠦᠭᠡᠢ᠂ ᠮᠤᠩᠭᠤᠯ ᠰᠢᠳᠠᠷ᠎ᠠ᠎ᠳᠤ ᠪᠤᠯ ᠨᠢᠭᠡ ᠪᠤᠳᠠ ᠪᠤᠶᠤ ᠨᠢᠭᠡ ᠬᠦᠦ ᠦᠯᠡᠳᠡᠭᠡᠬᠦ ᠶᠤᠰᠤ᠎ᠲᠠᠢ᠃ ᠨᠢᠭᠡ ᠪᠤᠳᠠ ᠦᠯᠡᠳᠡᠭᠡᠬᠦ᠎ᠨᠢ ᠬᠦᠮᠦᠨ᠎ᠤ ᠠᠮᠢᠳᠤᠷᠠᠯ᠎ᠢ ᠬᠤᠭᠤᠰᠤᠷᠠᠳᠠᠯ᠎ᠠ ᠦᠭᠡᠢ ᠪᠤᠯᠭ᠋ᠠᠬᠤ ᠵᠢ ᠴᠡᠭᠡᠷᠯᠡᠭᠰᠡᠨ ᠮᠤᠩᠭᠤᠯ ᠵᠠᠩᠰᠢᠯ᠎ᠠᠴᠠ ᠢᠷᠡᠭᠰᠡᠨ ᠪᠠᠢ᠍ᠢ᠍ᠨ᠎ᠠ᠃                                            

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠱᠠᠭ᠎ᠠ ᠲᠤᠬᠯᠠᠭ᠋ᠠᠮ᠎ᠤᠨ ᠶᠤᠰᠤ ᠲᠥᠷᠢᠮ
ᠮᠤᠩᠭᠤᠯ ᠦᠨᠳᠦᠰᠦᠳᠡᠨ᠎ᠤ ᠱᠠᠭ᠎ᠠ ᠲᠣᠭᠯᠠᠭ᠋ᠠᠮ᠎ᠤᠳ
ᠠᠷᠭ᠋ᠠᠢ ᠬᠠᠷᠪᠤᠬᠤ ᠨᠠᠭ᠋ᠠᠳᠤᠮ
ᠱᠠᠯᠪᠣᠷ ᠪᠥᠭᠡ
 
            