ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠲᠦᠷᠦᠯ ᠵᠦᠢᠯ
ᠤᠯᠠᠮᠵᠢᠯᠠᠯᠲᠦ ᠮᠤᠩᠭᠤᠯ ᠪᠦᠭᠡ ᠵᠢᠨ ᠪᠠᠷᠢᠯᠳᠤᠭ᠋ᠠᠨ᠎ᠤ ᠶᠤᠰᠤᠨ
ᠨᠡᠶ᠋ᠢᠲᠡᠯᠡᠭᠰᠡᠨ ᠴᠠᠭ᠄ 2022-10-28

    ᠪᠦᠭᠡ ᠪᠠᠷᠢᠯᠳᠤᠬᠤ ᠪᠤᠯ ᠮᠤᠩᠭᠤᠯ ᠦᠨᠳᠦᠰᠦᠲᠡᠨ᠎ᠤ ᠡᠷᠲᠡᠨ᠎ᠠᠴᠠ ᠤᠯᠠᠮᠵᠢᠯᠠᠵᠦ ᠢᠷᠡᠭᠰᠡᠨ á ¡á ·á Žá ¡ ᠵᠢᠨ ᠭᠤᠷᠪᠠᠨ ᠨᠠᠭ᠋ᠠᠳᠤᠮ᠎ᠤᠨ ᠲᠦᠷᠦᠭᠦᠦ ᠨᠠᠭ᠋ᠠᠳᠤᠮ ᠶᠤᠮ᠃ ᠮᠤᠩᠭᠤᠯᠴᠤᠳ ᠤᠷᠤᠨ ᠨᠤᠳᠤᠭ᠂ ᠪᠠᠢ᠌ᠭ᠋ᠠᠯᠢ ᠤᠷᠴᠢᠨ᠎ᠠᠴᠠ ᠪᠤᠯᠵᠦ᠂ ᠡᠷᠲᠡ ᠢᠵᠠᠭᠤᠷ᠎ᠠᠴᠠ᠎ᠪᠠᠨ ᠮᠠᠯ ᠠᠵᠤ ᠠᠬᠤᠢ᠎ᠪᠠᠷ ᠭᠤᠤᠯᠯᠠᠨ᠂ á  á © ᠬᠦᠷᠦᠭᠡ ᠬᠢᠬᠦ ᠪᠤᠯ ᠲᠡᠳᠠᠨᠤᠰ᠎ᠤᠨ ᠡᠳᠤᠷ ᠲᠤᠳᠤᠮ᠎ᠤᠨ ᠠᠮᠢᠳᠤᠷᠡᠯ᠎ᠤᠨ ᠴᠢᠬᠤᠯᠡ ᠠᠭᠤᠯᠭ᠎ᠠ ᠪᠡ ᠬᠦᠲᠡᠯᠭᠡᠭᠡᠨ ᠪᠤᠯᠵᠦ ᠪᠠᠢ᠌ᠵᠠᠢ᠃ ᠡᠢ᠌ᠮᠦ᠎ᠠᠴᠠ ᠲᠤᠬᠠᠢ ᠵᠢᠨ ᠦᠶ᠎ᠡ᠎ᠳᠤ ᠬᠦᠮᠦᠰ᠎ᠤᠨ ᠪᠢᠷ᠎ᠡ ᠴᠢᠲᠡᠯ᠂ ᠬᠦᠴᠦᠨ ᠲᠡᠩᠭᠡᠭᠡ᠂ á  á ·á ­á Žá   ᠮᠡᠭᠡ ᠵᠢ á ¶á ¡á ­á ¡ ᠴᠢᠬᠤᠯᠴᠢᠯᠠᠨ ᠱᠠᠭ᠋ᠠᠷᠳᠠᠳᠠᠭ ᠪᠤᠯᠤᠭᠰᠡᠨ᠎ᠳᠤ ᠬᠦᠮᠦᠰ ᠦᠪᠡᠷ᠎ᠤᠨ ᠬᠦᠴᠦᠨ ᠴᠢᠲᠡᠯ᠂ ᠠᠪᠬᠠᠯᠵᠢ ᠰᠠᠮᠪᠠᠭ᠎ᠠ᠎ᠪᠠᠨ ᠲᠡᠭᠡᠭᠰᠢᠯᠡᠭᠦᠯᠦᠨ ᠰᠠᠢ᠌ᠵᠢᠷᠠᠭᠤᠯᠬᠤ ᠵᠤᠷᠢᠯᠭ᠎ᠠ᠎ᠪᠠᠷ ᠪᠠᠷᠢᠯᠳᠤᠭ᠋ᠠᠨ᠎ᠳᠤ ᠤᠷᠤᠯᠴᠠᠵᠦ᠂ ᠪᠦᠭᠡ ᠵᠢᠨ ᠪᠠᠷᠢᠯᠳᠤᠭ᠋ᠠᠨ᠎ᠤ ᠬᠦᠭᠵᠢᠯᠲᠡ ᠵᠢ ᠠᠬᠢᠭᠤᠯᠵᠦ ᠢᠷᠡᠵᠡᠢ᠃ 13 ᠳ᠋ᠤᠭ᠋ᠠᠷ ᠵᠠᠭᠤᠨ ᠪᠤᠯᠬᠤ᠎ᠳᠤ ᠮᠤᠩᠭᠤᠯ ᠤᠷᠤᠨ᠎ᠤ ᠠᠳᠤᠭᠤ ᠮᠠᠯ ᠨᠡᠮᠡᠭᠲᠡᠵᠦ᠂ ᠨᠤᠳᠤᠭ ᠪᠡᠯᠴᠢᠭᠡᠷ ᠪᠤᠯᠢᠶᠠᠯᠳᠤᠬᠤ᠂ ᠮᠠᠯ ᠰᠦᠷᠦᠭ᠎ᠢ᠎ᠨᠢ ᠪᠤᠯᠢᠶᠠᠵᠦ᠂ ᠬᠠᠷᠢᠯᠴᠠᠨ ᠲᠤᠪᠳᠤᠯᠵᠦ᠂ á  á ·á ¡á ³ ᠢᠷᠭᠡᠳ᠎ᠢ᠎ᠨᠢ ᠤᠯᠵᠠᠯᠠᠬᠤ   ᠲᠠᠢ᠌ᠨ   ᠡᠭᠦᠰᠦᠭᠰᠡᠨ᠎ᠠᠴᠠ   ᠬᠡᠲᠦ   ᠬᠡᠲᠦᠨ   ᠤᠪᠤᠭ   ᠨᠡᠢ᠌ᠯᠡᠵᠦ   ᠠᠢ᠌ᠮᠠᠭ  á Žá ¤á ¨   ᠬᠤᠯᠪᠤᠭ᠎ᠠ ᠪᠠᠢ᠌ᠭᠤᠯᠪᠡ᠃      

    ᠡᠲᠡᠭᠡᠷ ᠠᠢ᠌ᠮᠠᠭ᠎ᠤᠨ ᠬᠤᠯᠪᠤᠭ᠎ᠠ᠎ᠨᠢ ᠨᠤᠳᠤᠭ ᠤᠰᠤ᠂ á  á ·á ¡á ³ ᠢᠷᠭᠡᠨ᠂ ᠠᠳᠤᠭᠤ ᠮᠠᠯ ᠵᠶ᠋ᠠᠨ ᠬᠠᠮᠠᠭ᠋ᠠᠯᠠᠬᠤ᠎ᠪᠠᠷ á ¡á ·á Žá ¡ ᠵᠢᠨ ᠰᠠᠢ᠌ᠨ᠎ᠢ ᠰᠤᠩᠭᠤᠨ ᠬᠦᠴᠦ ᠴᠢᠲᠡᠯ᠎ᠢ ᠰᠤᠷᠬᠤ ᠰᠤᠷᠢᠯᠲᠡ ᠨᠠᠭ᠋ᠠᠳᠤᠮ᠎ᠢ ᠡᠷᠬᠢᠯᠡᠵᠦ᠂ ᠮᠤᠩᠭᠤᠯ᠎ᠤᠨ ᠨᠡᠢ᠌ᠭᠡᠮ᠎ᠤᠨ ᠪᠦᠭᠡ ᠵᠢᠨ ᠪᠠᠷᠢᠯᠳᠤᠭ᠋ᠠᠨ᠎ᠢ ᠤᠯᠠᠮ ᠴᠢᠨᠠᠭᠰᠢᠲᠡ ᠠᠬᠢᠭᠤᠯᠤᠨ ᠬᠦᠭᠵᠢᠭᠦᠯᠵᠠᠢ᠂ ᠮᠤᠩᠭᠤᠯ ᠪᠦᠭᠡ ᠵᠢᠨ ᠪᠠᠷᠢᠯᠳᠤᠭ᠋ᠠᠨ᠎ᠤ ᠶᠤᠰᠤᠨ᠎ᠳᠤ ᠪᠦᠭᠡ ᠤᠨᠤᠭ᠋ᠠᠬᠤ᠂ ᠪᠦᠭᠡ ᠵᠤᠳᠤᠭᠯᠠᠬᠤ᠂ ᠪᠦᠭᠡ ᠴᠤᠯᠠᠯᠠᠬᠤ᠂ ᠪᠦᠭᠡ ᠲᠠᠯᠪᠢᠬᠤ᠂ ᠲᠡᠪᠢᠬᠦ ᠪᠤᠶᠦ ᠮᠠᠬᠰᠢᠬᠤ᠂ ᠦᠷᠦᠬᠦ᠂ ᠪᠠᠷᠢᠵᠡ ᠠᠪᠬᠤ᠂ ᠪᠠᠷᠢᠯᠳᠤᠵᠦ ᠲᠠᠪᠠᠬᠤ᠂ ᠲᠠᠬᠢᠮ ᠠᠪᠬᠤ᠂ ᠲᠤᠭ ᠲᠤᠭᠤᠷᠢᠬᠤ᠂ ᠤᠷᠤᠬᠤ᠂ ᠡᠮᠦᠰᠭᠡᠯ ᠲᠠᠢ᠌ᠯᠬᠤ᠂ ᠱᠠᠩᠨᠠᠬᠤ ᠮᠡᠲᠦ ᠵᠢᠨ ᠠᠭᠤᠯᠭ᠎ᠠ ᠪᠠᠢ᠌ᠳᠠᠭ ᠪᠦᠭᠡᠳ ᠡᠲᠡᠭᠡᠷ ᠶᠤᠰᠤ᠎ᠨᠢ á ´á  á ­ ᠦᠶ᠎ᠡ ᠪᠡ ᠭᠠᠵᠠᠷ ᠤᠷᠤᠨ᠎ᠤ ᠢᠯᠭ᠋ᠠᠭ᠎ᠠ᠎ᠲᠠᠢ ᠪᠠᠢ᠌ᠳᠠᠭ᠃ ᠦᠪᠦᠷ ᠮᠤᠩᠭᠤᠯ᠎ᠤᠨ ᠡᠷᠲᠡᠨ᠎ᠤ ᠪᠦᠬᠡ ᠵᠢᠨ ᠪᠠᠷᠢᠯᠳᠤᠭ᠋ᠠᠨ᠎ᠤ ᠪᠦᠲᠦᠴᠡ᠎ᠳᠤ ᠪᠦᠬᠡ ᠣᠨᠤᠭ᠋ᠠᠬᠤ᠂ ᠨᠠᠢ᠌ᠷ ᠰᠡᠷᠭᠦᠭᠡᠭᠦ᠂ ᠪᠦᠭᠡ ᠲᠠᠯᠪᠢᠬᠤ (ᠪᠦᠭᠡ ᠭᠠᠷᠭ᠋ᠠᠬᠤ᠂ ᠬᠠᠯᠬ᠎ᠠ᠎ᠳᠤ ᠭᠠᠷᠣᠯᠲᠡ ᠭᠡᠲᠡᠭ)᠂ ᠪᠦᠬᠡ ᠵᠢᠨ ᠲᠠᠪᠢᠯᠲᠡ ᠪᠤᠶᠦ ᠮᠠᠭᠰᠢᠯᠲᠡ᠂ ᠪᠠᠷᠢᠯᠳᠤᠬᠤ᠂ ᠪᠦᠬᠡ ᠪᠠᠭᠤᠬᠤ (ᠲᠠᠯᠠᠪᠦᠷ᠎ᠠᠴᠠ ᠪᠠᠭᠤᠬᠤ᠂ ᠬᠠᠯᠬ᠎ᠠ᠎ᠳᠤ ᠦᠷᠦᠯᠲᠡ ᠬᠡᠲᠡᠭ)᠂ ᠱᠠᠩᠨᠠᠬᠤ ᠵᠡᠷᠭᠡ ᠶᠤᠰᠤᠨ ᠪᠠᠢ᠌ᠲᠠᠭ᠃      
    ᠪᠦᠬᠡ ᠤᠨᠤᠭ᠋ᠠᠬᠤ᠃ ᠡᠷᠲᠡ ᠢᠵᠠᠭᠣᠷ᠎ᠲᠤ ᠪᠠᠷᠢᠯᠳᠤᠭ᠋ᠠᠨ᠎ᠳᠤ ᠤᠷᠤᠯᠴᠠᠬᠤ ᠪᠦᠭᠡ ᠵᠢᠨ ᠲᠤᠭ᠎ᠠ 64á Žá  á ´á   1024 ᠭᠦᠷᠲᠡᠯᠡᠬᠢ 2᠎ᠤᠨ ᠵᠡᠷᠭᠡᠲᠦ ᠲᠤᠭ᠎ᠠ ᠵᠢ ᠦᠨᠳᠦᠰᠦᠯᠡᠵᠦ᠂ ᠲᠠᠩᠴᠡᠭᠦᠦ᠎ᠪᠠᠷ ᠬᠤᠶᠠᠷ ᠲᠡᠰᠢ ᠬᠤᠪᠢᠶᠠᠨ ᠶᠡᠭᠡᠴᠤᠳ᠎ᠤᠨ á  á °á  á · ᠪᠤᠶᠦ ᠮᠠᠢ᠌ᠬᠠᠨ᠎ᠤ ᠬᠤᠶᠠᠷ ᠲᠡᠯ᠎ᠡ᠎ᠳᠤ ᠵᠢᠭᠦᠷᠯᠡᠨ ᠵᠢᠬᠰᠠᠭ᠋ᠠᠳᠠᠭ᠃ ᠭᠡᠭᠦ᠎ᠳᠡᠭᠡᠨ ᠲᠡᠯ᠎ᠡ ᠪᠦᠷᠢ ᠵᠢᠨ ᠲᠡᠭᠡᠲᠦ ᠲᠡᠯ᠎ᠡ᠎ᠳᠤ ᠨᠡᠷ᠎ᠡ ᠲᠦᠷᠦ ᠰᠠᠢ᠌ᠨ ᠪᠦᠭᠡ (ᠢᠳᠡᠰᠢ ᠠᠪᠬᠤ ᠪᠦᠭᠡ᠂ ᠬᠠᠯᠬ᠎ᠠ᠎ᠳᠤ ᠪᠤᠰᠬᠠᠯᠲᠡ ᠭᠡᠲᠡᠭ) ᠵᠢ ᠦᠩᠭᠡᠷᠡᠭᠰᠡᠨ ᠵᠢᠯ᠎ᠤᠳ᠎ᠤᠨ ᠬᠢᠷᠢ ᠪᠦᠲᠦᠮᠵᠢ ᠵᠢᠨ ᠡᠷᠡᠮᠪᠡ᠎ᠪᠠᠷ ᠲᠤᠬᠢᠷᠠᠭᠤᠯᠵᠦ᠂ ᠲᠤᠤᠷᠡᠲᠦ ᠲᠡᠯ᠎ᠡ᠎ᠳᠤ ᠲᠦᠷᠪᠡᠨ ᠰᠢᠨ᠎ᠡ ᠪᠦᠭᠡ ᠪᠤᠶᠦ ᠪᠠᠷᠢᠯᠳᠤᠭ᠋ᠠᠨ᠎ᠳᠠᠭᠠᠨ ᠪᠠᠷᠤᠭᠲᠠᠢ ᠲᠦᠷᠪᠡᠨ ᠪᠦᠭᠡ (ᠢᠲᠡᠰᠢᠨ᠎ᠳᠤ ᠤᠴᠢᠬᠤ ᠪᠦᠭᠡ) ᠵᠢ   ᠲᠤᠬᠢᠷᠠᠭᠤᠯᠵᠦ᠂   ᠪᠤᠰᠤᠳ᠎ᠢ᠎ᠨᠢ   ᠪᠠᠷᠢᠯᠳᠤᠬᠤ   ᠰᠠᠢ᠌ᠨ   ᠮᠠᠭᠤ  á Žá ªá  á ·   ᠲᠡᠰ   ᠲᠡᠷᠠᠭ᠋ᠠᠯᠠᠨ   ᠵᠢᠬᠰᠠᠭ᠋ᠠᠵᠦ   ᠤᠨᠤᠭ᠋ᠠᠲᠠᠭ᠃      

  ᠨᠠᠢ᠌ᠷ ᠰᠡᠷᠭᠦᠭᠡᠬᠦ᠃ ᠡᠷᠲᠡ᠎ᠳᠤ ᠪᠠᠷᠢᠯᠳᠤᠭ᠋ᠠᠨ ᠡᠬᠢᠯᠡᠬᠦ᠎ᠠᠴᠠ ᠡᠮᠦᠨ᠎ᠡ ᠨᠠᠷ᠎ᠡ ᠲᠦᠷᠦ᠎ᠲᠠᠢ ᠲᠠᠷᠬᠠᠯᠠᠭᠳᠠᠭᠰᠡᠨ ᠪᠦᠭᠡ ᠵᠢ ᠲᠡᠯᠠᠪᠦᠷ᠎ᠲᠤ ᠤᠷᠢᠵᠦ᠂ ᠬᠡᠢ ᠲᠠᠪᠢᠭᠦᠯᠦᠨ ᠶᠤᠰᠤᠯᠠᠭᠤᠯᠤᠭ᠋ᠠᠳ ᠱᠠᠩ ᠬᠡᠰᠢᠭ ᠭᠠᠷᠳᠠᠭᠤᠯᠤᠨ ᠨᠠᠢ᠌ᠷ ᠰᠡᠷᠭᠦᠭᠡᠬᠦ ᠵᠠᠩᠰᠢᠯ᠎ᠲᠠᠢ ᠪᠠᠢ᠌ᠵᠠᠢ᠃      
    ᠪᠦᠭᠡ ᠲᠠᠯᠪᠢᠬᠤ᠃ ᠡᠭᠦᠨ᠎ᠢ ᠪᠠᠰᠡ ᠪᠦᠭᠡ ᠭᠠᠷᠭ᠋ᠠᠬᠤ ᠬᠡᠲᠡᠭ᠃ ᠪᠦᠭᠡ ᠲᠠᠯᠪᠢᠬᠤ᠎ᠠᠴᠠ ᠡᠮᠦᠨ᠎ᠡ ᠪᠦᠭᠡ ᠵᠠᠰᠠᠭᠴᠢ ᠵᠢᠨ ᠠᠵᠢᠯ ᠪᠡ ᠪᠦᠭᠡ ᠵᠤᠳᠤᠭᠯᠠᠬᠤ ᠶᠪᠤᠳᠠᠯ ᠪᠤᠢ᠃ ᠡᠭᠦᠨ᠎ᠳᠤ ᠪᠦᠭᠡ ᠵᠠᠰᠠᠭᠴᠢ ᠵᠢᠨ ᠠᠵᠢᠯ ᠲᠤᠩ ᠴᠢᠬᠤᠯᠡ ᠪᠠᠢ᠌ᠳᠠᠭ᠃ ᠪᠦᠭᠡ ᠵᠠᠰᠠᠭᠴᠢ ᠪᠤᠯ ᠨᠠᠢ᠌ᠷ᠎ᠤᠨ ᠪᠦᠭᠡ ᠵᠢᠨ ᠨᠤᠭᠤᠯᠤᠭ᠎ᠠ ᠪᠠᠷᠢᠯᠳᠤᠭ᠋ᠠᠨ᠎ᠢ ᠵᠤᠬᠢᠶᠠᠨ ᠪᠠᠢ᠌ᠭᠤᠯᠤᠭᠴᠢ ᠪᠤᠯᠬᠤ ᠪᠦᠭᠡᠳ ᠵᠡᠷᠢᠮ᠎ᠨᠢ ᠪᠦᠭᠡ ᠵᠢᠨ ᠬᠢᠨᠠᠭᠴᠢ ᠵᠢᠨ ᠠᠵᠢᠯ᠎ᠢ ᠬᠠᠪᠰᠤᠷᠭ᠋ᠠᠨ ᠬᠦᠢ᠍ᠴᠡᠳᠭᠡᠲᠡᠭ᠃ ᠪᠦᠭᠡ ᠵᠠᠰᠠᠭᠴᠢ ᠵᠢᠨ ᠠᠵᠢᠯ᠎ᠤᠨ ᠰᠠᠢ᠌ᠨ ᠮᠠᠭᠤ᠎ᠨᠢ ᠨᠠᠢ᠌ᠷ᠎ᠤᠨ ᠪᠠᠷᠢᠯᠳᠤᠭ᠋ᠠᠨ᠎ᠤ ᠠᠮᠵᠢᠯᠲᠡ᠎ᠲᠠᠢ ᠶᠠᠪᠤᠭᠳᠠᠬᠤ ᠵᠢ ᠰᠢᠭᠤᠳ ᠨᠦᠯᠦᠭᠡᠯᠡᠲᠡᠭ᠃ ᠡᠢ᠌ᠮᠦ᠎ᠠᠴᠠ ᠵᠡᠭᠦᠨ ᠪᠠᠷᠠᠭᠤᠨ ᠬᠤᠶᠠᠷ ᠲᠡᠯ᠎ᠡ᠎ᠳᠤ ᠲᠤᠰ ᠲᠤᠰ ᠭᠡᠲᠦ ᠭᠡᠲᠦᠨ ᠪᠦᠭᠡ ᠵᠠᠰᠠᠭᠴᠢ ᠪᠠᠢ᠌ᠳᠠᠭ᠃ ᠪᠦᠭᠡ ᠵᠠᠰᠠᠭᠴᠢ ᠵᠢᠨ ᠪᠠᠰᠡ ᠨᠢᠭᠡ ᠴᠢᠬᠤᠯᠡ ᠡᠭᠦᠷᠭᠡ ᠪᠤᠯ ᠨᠦᠭᠦᠭᠡ ᠲᠡᠯ᠎ᠡ ᠵᠢᠨ ᠪᠦᠬᠡᠴᠤᠳ᠎ᠤᠨ ᠪᠠᠢ᠌ᠲᠡᠯ᠎ᠢ ᠰᠠᠢ᠌ᠳᠤᠷ ᠤᠢ᠌ᠯᠠᠭ᠋ᠠᠭᠰᠡᠨ ᠰᠠᠭᠤᠷᠢᠨ ᠲᠡᠭᠡᠷ᠎ᠡ ᠦᠪᠡᠷ᠎ᠤᠨ ᠲᠡᠯ᠎ᠡ ᠵᠢᠨ ᠪᠦᠭᠡᠴᠤᠳ᠎ᠤᠨ ᠵᠶ᠋ᠠᠨ ᠪᠠᠢ᠌ᠲᠡᠯ᠎ᠢ ᠦᠨᠳᠦᠰᠦᠯᠡᠵᠦ᠂ ᠨᠦᠬᠦᠭᠡ ᠭᠠᠷ᠎ᠤᠨ ᠪᠦᠭᠡᠴᠤᠳ᠎ᠢ ᠬᠠᠶᠠᠵᠦ ᠲᠠᠢ᠌ᠯᠭᠦ᠎ᠪᠠᠷ ᠵᠠᠰᠠᠵᠦ ᠲᠤᠬᠢᠷᠠᠭᠤᠯᠳᠠᠭ᠃ ᠭᠡᠬᠦ᠎ᠳᠡᠭᠡᠨ ᠪᠦᠭᠡ ᠵᠢᠨ á ­á  á ¢ ᠵᠢ ᠵᠠᠪᠠᠯ ᠰᠠᠢ᠌ᠳᠤᠷ ᠬᠡᠷᠡᠭᠯᠡᠵᠦ ᠴᠢᠳᠠᠬᠤ ᠬᠡᠷᠡᠭᠲᠠᠢ᠃ ᠪᠦᠭᠡ ᠵᠢᠨ á ­á  á ¢ ᠭᠡᠲᠡᠭ᠎ᠨᠢ ᠪᠠᠷᠢᠯᠳᠤᠭ᠋ᠠᠨ᠎ᠳᠤ ᠬᠢᠯᠪᠠᠷᠬᠠᠨ ᠤᠢ᠌ᠴᠢᠲᠠᠭ ᠦᠭᠡᠢ ᠮᠦᠷᠲᠡᠭᠡᠨ á ¡á ª ᠲᠠᠭ᠋ᠠᠷᠠᠪᠡᠯ ᠪᠠᠰᠡ ᠨᠡᠯᠢᠶᠠᠳ ᠨᠡᠷ᠎ᠡ ᠲᠦᠷᠦ᠎ᠲᠠᠢ ᠪᠦᠭᠡ ᠵᠢ ᠬᠡᠨᠡᠲᠡᠭᠦᠯᠦᠨ ᠬᠠᠶᠠᠴᠢᠬᠠᠲᠠᠭ ᠪᠦᠭᠡ ᠵᠢ ᠬᠡᠯᠡᠨ᠎ᠡ᠃ ᠬᠡᠪᠡᠴᠦ ᠡᠢ᠌ᠮᠦ ᠪᠦᠭᠡ ᠤᠯᠠᠩᠬᠢ᠎ᠳᠠᠭᠠᠨ ᠨᠠᠢ᠌ᠷ ᠨᠠᠭ᠋ᠠᠳᠤᠮ᠎ᠳᠤ ᠲᠡᠭᠡᠷ᠎ᠡ ᠦᠯᠡᠲᠡᠲᠡᠭ ᠦᠭᠡᠢ ᠪᠤᠯᠬᠤᠷ ᠪᠦᠭᠡ ᠵᠠᠰᠠᠭᠴᠢ ᠨᠦᠭᠦᠭᠡ ᠭᠠᠷ᠎ᠤᠨ ᠰᠢᠯᠢᠲᠡᠭ ᠪᠦᠭᠡ᠎ᠳᠤ ᠵᠤᠷᠢᠭᠤᠲᠡ ᠪᠦᠭᠡ ᠵᠢᠨ á ­á  á ¢ ᠵᠢ ᠲᠠᠭ᠋ᠠᠷᠠᠭᠤᠯᠵᠦ᠂ ᠤᠴᠠᠷᠠᠭ᠎ᠠ᠎ᠪᠠᠨ ᠬᠠᠶᠠᠵᠦ ᠲᠠᠢ᠌ᠯᠬᠦ ᠦᠭᠡᠢ ᠪᠤᠯᠪᠠᠴᠦ ᠤᠳᠠᠳᠠᠯ᠎ᠡ ᠵᠢᠭᠤᠷᠠᠯᠳᠤᠨ ᠨᠤᠴᠤᠯᠳᠤᠭᠤᠯᠵᠦ ᠬᠦᠴᠦ ᠲᠡᠩᠭᠡᠭᠡ ᠵᠢ᠎ᠨᠢ ᠮᠤᠬᠤᠭᠤᠭ᠋ᠠᠳ ᠲᠠᠷᠠᠭ᠋ᠠᠴᠢ ᠵᠢᠨ ᠨᠤᠭᠤᠯᠤᠭ᠋ᠠᠨ᠎ᠳᠤ ᠤᠴᠠᠷᠠᠬᠤ ᠪᠦᠭᠡ᠎ᠳᠡᠭᠡᠨ ᠰᠠᠭᠤᠷᠢ ᠲᠠᠯᠪᠢᠵᠦ ᠦᠭᠲᠡᠭ᠃
    ᠪᠦᠭᠡ ᠵᠤᠳᠤᠭᠯᠠᠬᠤ᠃ ᠲᠡᠭᠡᠭᠦᠷ ᠵᠤᠭᠰᠤᠯᠲᠡ᠎ᠲᠠᠢ ᠰᠠᠢ᠌ᠨ ᠪᠦᠭᠡ ᠵᠢᠨ ᠭᠠᠷᠤᠭ᠎ᠠ᠎ᠳᠤ ᠲᠤᠰᠬᠠᠢ ᠶᠤᠰᠤ ᠲᠦᠷᠢᠮ᠎ᠲᠠᠢ ᠪᠠᠢ᠌ᠳᠠᠭ᠃ ᠲᠡᠳᠡ ᠦᠮᠦᠳᠦ ᠲᠤᠬᠤᠤ᠎ᠪᠠᠨ ᠡᠮᠦᠰᠴᠦ᠂ ᠴᠢᠬᠢᠭᠡ᠎ᠪᠠᠨ ᠲᠦᠷᠡᠢ᠎ᠳᠤ᠎ᠪᠠᠨ ᠴᠢᠬᠢᠵᠦ᠂ ᠭᠤᠳᠤᠯ ᠵᠶ᠋ᠠᠨ ᠬᠦᠯᠢᠵᠦ ᠪᠤᠭᠤᠭ᠋ᠠᠳ ᠲᠡᠪᠡᠯ ᠵᠶ᠋ᠠᠨ ᠨᠦᠮᠦᠷᠴᠦ᠂ ᠵᠤᠳᠤᠭ ᠵᠶ᠋ᠠᠨ ᠡᠪᠤᠷ ᠲᠡᠭᠡᠷ᠎ᠡ᠎ᠪᠠᠨ ᠲᠠᠯᠪᠢᠵᠦ᠂ ᠤᠨᠤᠭ᠎ᠠ᠎ᠪᠠᠨ ᠬᠦᠯᠢᠶᠠᠵᠦ ᠰᠠᠭᠤᠳᠠᠭ᠃ ᠪᠦᠭᠡ ᠵᠠᠰᠠᠭᠴᠢ᠎ᠠᠴᠠ ᠤᠨᠤᠭ᠎ᠠ ᠵᠢᠨ ᠲᠡᠰ ᠲᠠᠷᠠᠭ᠋ᠠᠯᠠᠯ᠎ᠢ ᠤᠩᠰᠢᠵᠦ᠂ ᠬᠡᠨ᠎ᠤ ᠭᠠᠷᠤᠭ᠎ᠠ ᠪᠤᠯᠤᠮᠠᠭᠴᠡ á ­á ¡á ¨ ᠵᠤᠳᠤᠭ ᠵᠶ᠋ᠠᠨ ᠠᠪᠴᠦ ᠪᠤᠰᠤᠨ ᠵᠤᠭᠰᠤᠭ᠋ᠠᠳ ᠤᠷᠤᠭᠰᠢ ᠭᠡᠲᠦ ᠠᠯᠬᠤᠬᠤ ᠵᠠᠭᠤᠷ᠎ᠡ᠎ᠪᠠᠨ ᠵᠤᠳᠤᠭ᠎ᠤᠨ ᠵᠶ᠋ᠠᠨ ᠬᠤᠶᠠᠷ ᠬᠠᠨᠴᠤᠢ ᠵᠢ ᠭᠠᠳᠠᠭᠰᠢ ᠬᠠᠨᠳᠤᠭᠤᠯᠤᠨ ᠲᠡᠭᠡᠭᠰᠢ ᠬᠦᠴᠦᠲᠠᠢ ᠲᠠᠯᠠᠨ ᠬᠤᠶᠠᠷ ᠡᠪᠦᠳᠦᠭ ᠵᠶ᠋ᠠᠨ ᠨᠢᠭᠡ ᠨᠢᠭᠡ᠎ᠪᠠᠷ ᠡᠬᠡᠯᠵᠢᠯᠡᠨ ᠬᠦᠴᠦᠲᠡᠢ᠌ᠭᠡᠨ ᠰᠢᠪᠠᠭᠳᠠᠭ᠋ᠠᠳ ᠪᠠᠷᠢᠭᠰᠡᠨ ᠬᠡᠪ ᠵᠶ᠋ᠠᠷ ᠵᠶ᠋ᠠᠨ ᠲᠤᠯᠤᠭ᠋ᠠᠢ ᠲᠡᠭᠡᠭᠦᠷ ᠵᠶ᠋ᠠᠨ ᠡᠷᠭᠦᠵᠦ ᠵᠤᠳᠤᠭᠯᠠᠳᠠᠭ᠃ ᠵᠤᠳᠤᠭᠯᠠᠭᠰᠡᠨ ᠪᠦᠭᠡ ᠪᠦᠰᠡ᠂ ᠲᠡᠪᠡᠯ ᠵᠶ᠋ᠠᠨ ᠠᠬᠠᠮᠠᠳ ᠪᠦᠭᠡ᠂ ᠲᠤᠳᠤᠨᠤ ᠬᠦᠮᠦᠨ᠎ᠳᠡᠭᠡᠨ ᠲᠤᠰᠢᠶᠠᠨ ᠦᠭᠲᠡᠭ᠃ ᠪᠦᠭᠡ ᠵᠠᠰᠠᠭᠴᠢ᠎ᠠᠴᠠ 《ᠪᠦᠭᠡ᠎ᠪᠠᠨ ᠲᠠᠯᠪᠢᠭᠳᠤᠨ!》 ᠬᠡᠵᠦ ᠵᠠᠷᠯᠠᠮᠠᠭᠴᠡ á  á ·á ¦ ᠲᠡᠯ᠎ᠡ᠎ᠠᠴᠠ ᠪᠦᠭᠡ᠎ᠳᠤ ᠠᠪᠢᠶᠠᠰᠤᠲᠠᠢ ᠪᠦᠭᠡᠳ ᠪᠠᠭᠰᠢᠯᠠᠬᠤ ᠮᠠᠶᠢᠭ᠎ᠤᠨ ᠬᠤᠶᠠᠷ ᠬᠦᠮᠦᠨ ᠢᠳᠡᠪᠬᠢᠲᠠᠢ á ­á  á ·á ´á ¦ ᠢᠷᠡᠭᠡᠳ ᠭᠠᠷᠬᠤ ᠪᠦᠭᠡ ᠵᠢᠨ ᠬᠤᠶᠠᠷ ᠲᠡᠯ᠎ᠡ᠎ᠪᠠᠷ ᠲᠤᠯᠭ᠋ᠠᠭᠤᠷᠢ ᠪᠤᠯᠤᠨ ᠵᠤᠭᠰᠤᠬᠤ᠎ᠳᠤ ᠭᠠᠷᠬᠤ ᠪᠦᠭᠡ ᠬᠤᠶᠠᠷ á ­á  á · ᠵᠶ᠋ᠠᠷ ᠵᠶ᠋ᠠᠨ ᠬᠤᠶᠠᠷ ᠲᠡᠯ᠎ᠡ ᠵᠢᠨ ᠬᠦᠮᠦᠨ᠎ᠤ ᠮᠦᠷᠦ ᠲᠡᠭᠡᠷ᠎ᠡ ᠲᠠᠯᠪᠢᠨ᠎ᠡ᠃ ᠡᠨᠡ ᠦᠶ᠎ᠡ᠎ᠳᠤ ᠬᠤᠶᠠᠷ ᠲᠡᠯ᠎ᠡ ᠵᠢᠨ ᠬᠦᠮᠦᠨ ᠨᠦᠬᠦᠭᠡ ᠡᠲᠡᠭᠡᠳ᠎ᠠᠴᠠ ᠭᠠᠷᠬᠤ ᠪᠦᠭᠡ ᠵᠢᠨ ᠪᠠᠢ᠌ᠲᠡᠯ᠎ᠢ ᠲᠠᠨᠢᠯᠴᠠᠭᠤᠯᠬᠤ ᠵᠢᠨ ᠬᠠᠮᠲᠦ ᠪᠠᠷᠢᠯᠳᠤᠬᠤ á  á ·á ­á Žá   ᠮᠡᠭᠡ ᠵᠢ ᠵᠢᠭ᠋ᠠᠨ ᠰᠤᠷᠭ᠋ᠠᠳᠠᠭ᠃ 《ᠪᠦᠭᠡ᠎ᠪᠠᠨ ᠲᠠᠯᠪᠢ᠂ ᠲᠠᠯᠪᠢ᠂ ᠲᠠᠯᠪᠢ!》 ᠬᠡᠭᠦ ᠤᠷᠢᠶ᠎ᠡ ᠲᠠᠭᠤᠨ ᠭᠠᠷᠤᠩᠭᠤᠲᠡ ᠭᠠᠷᠬᠤ ᠭᠡᠵᠦ ᠲᠡᠰᠴᠦ ᠶᠠᠳᠠᠨ ᠬᠦᠯᠢᠶᠠᠨ ᠪᠠᠢ᠌ᠭ᠎ᠠ ᠪᠦᠭᠡ ᠬᠤᠶᠡᠷ ᠲᠡᠯ᠎ᠡ ᠵᠢᠨ ᠬᠦᠮᠦᠨ᠎ᠤ ᠮᠦᠷᠦ ᠵᠢ ᠲᠤᠯᠵᠦ᠂ ᠤᠷᠤᠨ᠎ᠳᠠᠭᠠᠨ ᠭᠤᠷᠪᠠᠨᠲᠡ ᠦᠰᠦᠷᠴᠦ ᠬᠦᠴᠦᠯᠡᠨ ᠲᠡᠪᠰᠡᠭᠡᠳ ᠬᠤᠷᠢᠭᠤᠯ᠎ᠠᠴᠠ ᠭᠠᠷᠤᠭᠰᠡᠨ ᠠᠷᠰᠯᠠᠨ ᠪᠠᠷᠰ ᠰᠢᠭ ᠮᠠᠬᠰᠢᠬᠤ ᠪᠤᠶᠦ ᠬᠠᠷᠴᠠᠭ᠋ᠠᠢ ᠪᠦᠷᠭᠦᠳ ᠮᠡᠲᠦ ᠲᠠᠪᠢᠵᠦ ᠭᠠᠷᠲᠠᠭ᠃      
    ᠲᠠᠪᠢᠵᠦ ᠮᠠᠭᠰᠢᠬᠤ᠃ ᠪᠦᠭᠡᠴᠤᠳ ᠪᠠᠷᠢᠯᠳᠤᠬᠤ᠎ᠳᠤ ᠲᠠᠯᠠᠪᠦᠷ᠎ᠲᠤ ᠭᠠᠷᠬᠤ ᠪᠡ ᠪᠠᠷᠢᠯᠳᠤᠭ᠋ᠠᠨ ᠲᠡᠭᠦᠰᠴᠦ ᠲᠠᠯᠠᠪᠦᠷ᠎ᠠᠴᠠ ᠪᠠᠭᠤᠬᠤ᠎ᠳᠠᠭᠠᠨ ᠴᠦᠮ ᠲᠡᠪᠢᠵᠦ ᠮᠠᠬᠰᠢᠲᠠᠭ᠃ ᠲᠡᠪᠢᠵᠦ ᠮᠠᠬᠰᠢᠬᠤ᠎ᠨᠢ ᠪᠦᠭᠡᠴᠤᠳ ᠰᠦᠷ ᠵᠢᠪᠬᠤᠭ᠎ᠠ᠂ ᠬᠦᠴᠦᠨ ᠴᠢᠲᠡᠯ ᠵᠶ᠋ᠠᠨ ᠭᠠᠢ᠌ᠬᠠᠭᠤᠯᠤᠨ ᠤᠴᠠᠷᠠᠭ᠎ᠠ᠎ᠪᠠᠨ ᠰᠦᠷᠲᠡᠭᠦᠯᠬᠦ ᠵᠢᠨ ᠬᠠᠮᠲᠦ ᠴᠢᠯᠡᠭᠡ᠎ᠪᠠᠨ ᠭᠠᠷᠭ᠋ᠠᠵᠦ᠂ ᠪᠡᠶ᠎ᠡ᠎ᠪᠠᠨ ᠬᠠᠮᠠᠭ᠋ᠠᠯᠠᠬᠤ ᠦᠢ᠍ᠯᠡᠳᠤᠯ᠎ᠲᠠᠢ ᠪᠠᠢ᠌ᠳᠠᠭ᠃ ᠲᠠᠯᠠᠪᠦᠷ᠎ᠲᠤ ᠭᠠᠷᠤᠭᠰᠡᠨ ᠪᠦᠭᠡ ᠦᠪᠡᠷ᠎ᠤᠨ ᠰᠤᠷᠤᠭᠰᠡᠨ ᠲᠠᠪᠢᠯᠲᠡ᠎ᠪᠠᠷ ᠵᠶ᠋ᠠᠨ ᠲᠡᠪᠢᠵᠦ ᠪᠠᠷᠠᠭᠰᠡᠨ᠎ᠤ ᠲᠠᠷᠠᠭ᠎ᠠ᠂ ᠪᠠᠷᠢᠯᠳᠤᠬᠤ ᠲᠠᠯᠠᠪᠦᠷ᠎ᠲᠠᠭᠠᠨ ᠨᠠᠷᠡᠨ ᠡᠷᠬᠢᠯᠲᠡ᠎ᠪᠠᠷ ᠠᠭ᠋ᠠᠵᠢᠮᠬᠠᠨ ᠭᠤᠷᠪᠡ ᠲᠤᠭᠤᠷᠢᠨ ᠡᠷᠬᠢᠭᠡᠳ ᠪᠠᠷᠠᠭᠤᠨ ᠭᠠᠷ᠎ᠤᠨ á ¡á ·á ¡á ­á ¡á ¢ ᠬᠤᠷᠤᠭᠤ᠎ᠪᠠᠨ ᠲᠤᠯᠢᠶᠠᠵᠦ᠂ ᠠᠶᠤᠤᠯᠢᠬᠠᠢ ᠵᠢᠷᠦᠭᠡ᠎ᠪᠠᠨ ᠢᠯᠪᠢᠵᠦ᠂ ᠬᠤᠶᠠᠷ ᠬᠦᠯ᠎ᠤᠨ ᠭᠤᠳᠤᠯ᠎ᠤᠨ ᠤᠯᠡ᠎ᠪᠠᠨ ᠡᠬᠡᠯᠵᠢᠯᠡᠨ ᠢᠯᠪᠢᠲᠡᠭ᠃ ᠵᠠᠷᠢᠮ ᠰᠦᠰᠦᠭ᠎ᠲᠠᠢ ᠪᠦᠭᠡᠴᠤᠳ ᠬᠤᠶᠠᠷ á ­á  á · ᠵᠶ᠋ᠠᠨ ᠨᠠᠮᠠᠨᠴᠢᠯᠠᠨ ᠠᠭᠤᠯᠡ ᠤᠪᠤᠭ᠋ᠠᠨ᠎ᠤ ᠡᠵᠡᠳ ᠰᠡᠬᠢᠭᠤᠯᠰᠤᠨ᠎ᠳᠤ ᠵᠠᠯᠪᠠᠷᠢᠵᠦ á  á ·á ­á Žá   ᠮᠡᠭᠡ᠂ ᠬᠦᠴᠦᠨ ᠴᠢᠲᠡᠯ ᠢᠪᠡᠭᠡᠬᠦ ᠵᠢ ᠲᠠᠭ᠋ᠠᠳᠬᠠᠳᠠᠭ᠃ ᠵᠠᠷᠢᠮ᠎ᠨᠢ ᠬᠤᠶᠠᠷ ᠭᠤᠶ᠎ᠡ᠎ᠪᠠᠨ ᠬᠦᠴᠦᠲᠠᠢ ᠠᠯᠠᠭ᠋ᠠᠳᠠᠬᠤ ᠴᠦ᠍ ᠪᠤᠢ᠃      
    ᠪᠠᠷᠢᠯᠳᠤᠬᠤ᠃ ᠪᠠᠷᠢᠯᠳᠤᠭ᠋ᠠᠨ᠎ᠤ ᠲᠦᠷᠢᠮ᠎ᠢ ᠵᠦᠷᠢᠴᠡᠬᠦ ᠦᠭᠡᠢ ᠨᠦᠬᠦᠴᠡᠯ ᠲᠤᠤᠷ᠎ᠡ ᠬᠦᠴᠦᠨ ᠴᠢᠲᠡᠯ᠂ ᠤᠷ᠎ᠡ ᠮᠡᠭᠡ᠂ á  á ·á ­á Žá   ᠰᠠᠮᠪᠠᠭ᠎ᠠ᠎ᠪᠠᠨ ᠬᠦᠢ᠍ᠴᠡᠳ ᠠᠰᠢᠭᠯᠠᠵᠦ ᠤᠴᠠᠷᠠᠭ᠎ᠠ᠎ᠪᠠᠨ ᠭᠠᠵᠠᠷᠲᠠᠭᠤᠯᠬᠤ᠎ᠪᠠᠷ ᠬᠢᠲᠡᠭ ᠦᠢ᠍ᠯᠡ ᠵᠢᠨ ᠶᠠᠪᠤᠴᠡ ᠵᠢ ᠪᠠᠷᠢᠯᠳᠤᠬᠤ ᠬᠡᠨ᠎ᠡ᠃ ᠪᠠᠷᠢᠯᠳᠤᠬᠤ ᠪᠤᠯ ᠪᠠᠷᠢᠯᠳᠤᠭ᠋ᠠᠨ᠎ᠤ ᠪᠦᠲᠦᠴᠡ ᠵᠢᠨ ᠭᠤᠤᠯ ᠱᠠᠲᠦ ᠪᠤᠯᠤᠨ᠎ᠡ᠃ ᠪᠠᠷᠢᠯᠳᠤᠵᠦ ᠪᠠᠢ᠌ᠭ᠎ᠠ ᠬᠤᠶᠠᠷ ᠪᠦᠭᠡ ᠵᠢᠨ ᠬᠠᠶᠠᠵᠦ ᠬᠠᠶᠠᠭᠳᠠᠬᠤ᠂ ᠲᠠᠢ᠌ᠯᠵᠦ ᠲᠡᠢ᠌ᠯᠦᠭᠲᠡᠬᠦ᠎ᠨᠢ ᠡᠨᠡ ᠱᠠᠳᠤᠨ᠎ᠳᠤ ᠢᠯᠭ᠋ᠠᠷᠠᠳᠠᠭ᠃      
    ᠪᠦᠭᠡ ᠲᠠᠷᠬᠠᠯᠠᠬᠤ᠃ ᠦᠪᠦᠷ ᠮᠤᠩᠭᠤᠯ᠎ᠳᠤ ᠤᠯᠠᠨ ᠵᠢᠯ ᠭᠠᠷᠮᠠᠭ᠋ᠠᠢ ᠰᠠᠢ᠌ᠨ ᠪᠠᠷᠢᠯᠳᠤᠬᠤ ᠨᠡᠷ᠎ᠡ ᠠᠯᠲᠠᠷᠰᠢᠭᠰᠡᠨ ᠪᠦᠭᠡ ᠨᠠᠰᠤᠨ ᠰᠡᠭᠦᠲᠡᠷ ᠦᠨᠳᠦᠷ ᠪᠤᠯᠵᠦ᠂ ᠪᠠᠷᠢᠯᠳᠤᠬᠤ ᠬᠦᠴᠦ ᠲᠡᠩᠭᠡᠭᠡ ᠬᠠᠷᠢᠵᠦ ᠪᠠᠭᠤᠷᠠᠬᠤ ᠦᠶ᠎ᠡ᠎ᠳᠤ ᠡᠴᠤᠰ᠎ᠤᠨ ᠤᠳᠠᠭ᠎ᠠ ᠨᠠᠢ᠌ᠷ ᠨᠠᠭ᠋ᠠᠳᠤᠮ᠎ᠳᠤ ᠪᠠᠷᠢᠯᠳᠤᠭᠤᠯᠵᠦ᠂ ᠠᠢ᠌ᠮᠠᠭ ᠪᠤᠶᠦ ᠬᠤᠰᠢᠭᠤᠨ ᠵᠠᠰᠠᠭ᠎ᠠᠴᠠ ᠲᠡᠭᠦᠨ᠎ᠤ ᠤᠯᠠᠨ ᠵᠢᠯ᠎ᠤᠨ ᠲᠤᠷᠰᠢ ᠬᠠᠷᠢᠯᠲᠡ ᠦᠭᠡᠢ ᠪᠠᠷᠢᠯᠳᠣᠭᠰᠡᠨ ᠬᠠᠴᠢᠨ ᠰᠤᠨᠢᠨ ᠪᠠᠢ᠌ᠲᠡᠯ ᠪᠡ ᠪᠦᠭᠡ ᠵᠢᠨ ᠪᠠᠷᠢᠯᠳᠤᠭ᠋ᠠᠨ᠎ᠤ ᠬᠦᠭᠵᠢᠯᠲᠡ᠎ᠳᠤ ᠦᠵᠡᠭᠦᠯᠦᠭᠰᠡᠨ ᠭᠠᠪᠢᠶ᠎ᠡ ᠵᠢᠳᠭᠦᠯ᠎ᠢ᠎ᠨᠢ ᠤᠯᠠᠨ᠎ᠤ ᠡᠮᠦᠨ᠎ᠡ ᠮᠠᠭᠳᠠᠨ ᠰᠠᠢ᠌ᠰᠢᠶᠠᠵᠦ᠂ 《ᠲᠠᠷᠬᠠᠨ ᠪᠦᠭᠡ》 ᠭᠡᠵᠦ ᠴᠤᠯᠠᠯᠠᠬᠤ ᠵᠢᠨ ᠲᠠᠭ᠋ᠠᠦ ᠬᠦᠨᠲᠦ᠎ᠪᠠᠷ ᠱᠠᠩᠨᠠᠳᠠᠭ᠂ ᠡᠭᠦᠨ᠎ᠢ ᠪᠦᠭᠡ ᠲᠠᠷᠬᠠᠯᠠᠬᠤ ᠭᠡᠲᠡᠭ᠃ ᠲᠠᠷᠬᠠᠯᠠᠭᠳᠠᠭᠰᠡᠨ ᠪᠦᠭᠡ ᠲᠡᠷᠡ ᠲᠤᠤᠷ᠎ᠡ᠎ᠪᠠᠨ ᠡᠮᠦᠰᠭᠡᠯ ᠵᠶ᠋ᠠᠨ ᠲᠠᠢ᠌ᠯᠵᠦ᠂ ᠦᠪᠡᠷ᠎ᠤᠨ ᠬᠦᠦ ᠪᠤᠶᠦ ᠲᠦᠷᠦᠯ᠂ ᠱᠠᠪᠢ᠂ ᠡᠰᠡᠭᠦᠯ᠎ᠡ ᠬᠠᠮᠤᠭ᠎ᠤᠨ ᠲᠤᠭᠤᠭᠰᠡᠨ ᠢᠲᠡᠷ ᠵᠠᠯᠠᠭᠤ ᠪᠦᠭᠡ᠎ᠳᠤ 《ᠪᠦᠭᠡ ᠵᠢᠨ ᠪᠠᠷᠢᠯᠳᠤᠭ᠋ᠠᠨ᠎ᠢ ᠨᠡᠩ ᠴᠢᠨᠠᠭᠰᠢᠲᠡ ᠬᠦᠭᠵᠢᠭᠦᠯᠵᠦ᠂ ᠤᠯᠠᠮ ᠰᠠᠢ᠌ᠨ ᠪᠠᠷᠢᠯᠳᠤᠬᠤ ᠪᠤᠯᠳᠤᠭ᠋ᠠᠢ!》 ᠭᠡᠵᠦ ᠢᠷᠦᠭᠡᠭᠡᠳ ᠲᠤᠷᠠᠰᠬᠠᠯ ᠪᠤᠯᠭ᠋ᠠᠨ ᠪᠡᠯᠭᠡᠯᠡᠭᠦ᠎ᠳᠤ᠂ ᠬᠦᠯᠢᠶᠠᠨ ᠠᠪᠬᠤ ᠪᠦᠭᠡ ᠨᠢᠭᠡ ᠬᠦᠯ ᠲᠡᠭᠡᠷ᠎ᠡ᠎ᠪᠠᠨ ᠴᠤᠮᠴᠤᠢ᠌ᠨ ᠰᠠᠭᠤᠵᠦ᠂ ᠬᠤᠶᠠᠷ á ­á  á · ᠵᠶ᠋ᠠᠨ ᠲᠤᠯᠤᠭ᠋ᠠᠢ ᠲᠡᠭᠡᠷ᠎ᠡ᠎ᠪᠠᠨ ᠡᠷᠭᠦᠨ 《ᠢᠷᠦᠭᠡᠯ ᠰᠢᠩᠭᠡᠬᠦ ᠪᠤᠯᠳᠤᠭ᠋ᠠᠢ!》 ᠬᠡᠵᠦ ᠬᠦᠯᠢᠶᠠᠨ ᠠᠪᠳᠠᠭ ᠵᠠᠩᠰᠢᠯ᠎ᠲᠠᠢ ᠪᠠᠢ᠌ᠲᠠᠭ᠃      

    ᠪᠦᠭᠡ ᠵᠢᠨ ᠪᠠᠷᠢᠯᠳᠤᠭ᠋ᠠᠨ ᠮᠤᠩᠭᠤᠯ ᠦᠨᠳᠦᠰᠦᠲᠡᠨ᠎ᠤ ᠤᠯᠠᠮᠵᠢᠯᠠᠯᠲᠦ ᠨᠠᠭ᠋ᠠᠳᠤᠮ᠎ᠤᠨ ᠭᠤᠤᠯ ᠬᠡᠯᠪᠡᠷᠢ ᠪᠤᠯᠤᠭᠰᠡᠨ᠎ᠤ ᠬᠤᠪᠢ᠎ᠳᠤ᠂ ᠮᠤᠩᠭᠤᠯᠴᠤᠳ᠎ᠤᠨ ᠤᠬᠠᠮᠰᠠᠷ ᠲᠠᠨᠢᠯᠲᠡ᠂ ᠦᠵᠡᠯ ᠰᠡᠳᠬᠢᠯᠭᠡ᠂ ᠭᠤᠸ᠎ᠠ ᠲᠠᠭ᠋ᠠᠰᠢᠶᠠᠯ᠂ ᠵᠠᠩ ᠵᠠᠩᠰᠢᠯ᠎ᠢ ᠤᠯᠠᠨ ᠲᠡᠯ᠎ᠡ᠎ᠪᠠᠷ ᠲᠤᠰᠬᠠᠵᠦ᠂ ᠮᠤᠩᠭᠤᠯ ᠰᠤᠶᠤᠯ᠎ᠤᠨ ᠬᠤᠷᠠᠮᠳᠤᠯ ᠲᠤᠨᠤᠳᠠᠰᠦ ᠵᠢᠨ ᠴᠢᠬᠤᠯᠡ ᠬᠡᠰᠡᠭ ᠪᠤᠯᠤᠭᠰᠡᠨ ᠪᠠᠢ᠌ᠨ᠎ᠡ᠃

ᠢᠷᠡᠯᠲᠡ᠄ ᠲᠠᠷᠬᠠᠨ ᠮᠤᠤᠮᠢᠩᠭ᠋ᠠᠨ ᠬᠤᠯᠪᠤᠭ᠋ᠠᠳᠦ ᠬᠤᠰᠢᠭᠤᠨ᠎ᠤ ᠮᠤᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
ᠮᠤᠩᠭᠤᠯ ᠰᠢᠳᠠᠷ᠎ᠠ
ᠱᠠᠭ᠎ᠠ ᠲᠤᠬᠯᠠᠭ᠋ᠠᠮ᠎ᠤᠨ ᠶᠤᠰᠤ ᠲᠥᠷᠢᠮ
ᠮᠤᠩᠭᠤᠯ ᠦᠨᠳᠦᠰᠦᠳᠡᠨ᠎ᠤ ᠱᠠᠭ᠎ᠠ ᠲᠣᠭᠯᠠᠭ᠋ᠠᠮ᠎ᠤᠳ
ᠠᠷᠭ᠋ᠠᠢ ᠬᠠᠷᠪᠤᠬᠤ ᠨᠠᠭ᠋ᠠᠳᠤᠮ
ᠱᠠᠯᠪᠣᠷ ᠪᠥᠭᠡ
 
            