ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠲᠦᠷᠦᠯ ᠵᠦᠢᠯ
ᠰᠤᠷ ᠬᠠᠷᠪᠤᠬᠤ ᠶᠤᠰᠤᠨ
ᠨᠡᠶ᠋ᠢᠲᠡᠯᠡᠭᠰᠡᠨ ᠴᠠᠭ᠄ 2022-12-02

    ᠰᠣᠷ ᠬᠠᠷᠪᠤᠬᠤ ᠶᠤᠰᠤᠨ᠎ᠳᠤ ᠰᠤᠷᠴᠢᠳ᠂ ᠬᠠᠷᠪᠤᠯᠳᠠ ᠵᠢᠨ ᠵᠠᠢ᠂ ᠬᠠᠷᠪᠤᠯᠲᠠ ᠵᠢᠨ ᠵᠢᠷᠤᠮ᠂ ᠰᠤᠷ ᠵᠢᠨ ᠤᠤᠬᠠᠢ᠂ ᠰᠤᠷᠴᠢᠨ᠎ᠤ ᠴᠤᠯᠠ᠂ ᠰᠣᠷ ᠬᠠᠷᠪᠤᠯᠳᠠ ᠵᠢᠨ á ´á ¡á ­á ¡á · ᠶᠤᠰᠤᠨ ᠵᠡᠷᠭᠡ ᠠᠭᠤᠯᠭ᠎ᠠ ᠪᠠᠭᠳᠠᠳᠠᠭ᠃ ᠰᠤᠷ ᠬᠠᠷᠪᠤᠯᠲᠠ ᠵᠢᠨ ᠲᠡᠮᠡᠴᠡᠭᠡᠨ᠎ᠢ ᠴᠤᠪᠤᠭ᠎ᠠ ᠬᠠᠷᠪᠤᠯᠳᠠ᠂ ᠪᠠᠭ᠎ᠤᠨ ᠨᠡᠢ᠌ᠯᠡᠯᠭᠡ ᠭᠡᠵᠦ ᠬᠤᠶᠠᠷ ᠲᠦᠷᠦᠯ ᠬᠤᠪᠢᠶᠠᠳᠠᠭ᠃ ᠬᠦᠮᠦᠨ   ᠨᠢᠭᠡᠪᠦᠷᠢ᠎ᠪᠠᠷ ᠳ᠋ᠦᠩᠨᠡᠬᠦ ᠵᠢ ᠴᠣᠪᠤᠭ᠎ᠠ ᠬᠠᠷᠪᠤᠬᠤ ᠭᠡᠳᠡᠭ᠂ ᠪᠠᠭ ᠵᠶ᠋ᠡᠷ ᠳ᠋ᠦᠩ ᠭᠠᠷᠭ᠋ᠠᠬᠤ ᠵᠢ ᠪᠠᠭ᠎ᠤᠨ ᠨᠡᠢ᠌ᠯᠡᠯᠭᠡ ᠭᠡᠳᠡᠭ᠃    
    ᠰᠤᠷᠴᠢᠳ     ᠨᠠᠢ᠍ᠮᠠ᠎ᠠᠴᠠ ᠠᠷᠪᠠᠨ ᠳᠤᠯᠤᠭ᠋ᠠᠨ ᠨᠠᠰᠤᠨ᠎ᠤ ᠦᠬᠢᠳ ᠬᠦᠪᠡᠭᠦᠳ᠂ ᠠᠷᠪᠠᠨ ᠨᠠᠢ᠍ᠮᠠ ᠪᠠ ᠲᠡᠭᠦᠨ᠎ᠠᠴᠠ ᠳᠡᠭᠡᠭᠰᠢ ᠨᠠᠰᠤᠨ᠎ᠤ ᠡᠷᠡᠭᠲᠡᠢ᠂ ᠡᠮᠡᠭᠳᠡᠢ ᠨᠤᠮᠤ ᠰᠤᠮᠤ ᠵᠢ ᠵᠦᠪ ᠡᠵᠡᠮᠰᠢᠨ ᠬᠠᠷᠪᠤᠵᠤ ᠴᠢᠳᠠᠳᠠᠭ᠂ ᠬᠠᠷᠪᠤᠭ᠋ᠠᠨ᠎ᠤ ᠳᠦᠷᠢᠮ᠎ᠢ ᠰᠠᠢ᠌ᠨ ᠮᠡᠳᠡᠳᠡᠭ᠂ ᠡᠷᠡᠭᠦᠯ ᠮᠡᠨᠳᠦ ᠵᠢᠨ ᠲᠠᠯ᠎ᠠ᠎ᠪᠠᠷ ᠡᠮᠴᠢ ᠵᠢᠨ ᠵᠦᠪᠰᠢᠶᠡᠷᠡᠯ᠎ᠲᠠᠢ ᠲᠠᠮᠢᠷᠴᠢᠨ᠎ᠢ ᠲᠡᠮᠡᠴᠡᠭᠡᠨ᠎ᠳᠤ ᠣᠷᠣᠭᠣᠯᠳᠠᠭ᠃ ᠰᠣᠷ ᠬᠠᠷᠪᠤᠯᠳᠠ ᠵᠢᠨ ᠲᠡᠮᠡᠴᠡᠭᠡᠨ᠎ᠳᠤ ᠤᠷᠤᠯᠴᠠᠬᠤ ᠬᠦᠮᠦᠰ᠎ᠢ ᠨᠠᠰᠤᠨ᠎ᠤ ᠪᠠᠢ᠌ᠳᠠᠯ᠂ ᠴᠢᠨᠠᠷ᠎ᠤᠨ ᠢᠯᠭ᠋ᠠᠯ ᠵᠡᠷᠭᠡ ᠵᠢ᠎ᠨᠢ ᠦᠵᠡᠵᠦ ᠲᠤᠭᠲᠠᠭ᠋ᠠᠳᠠᠭ᠃    
    ᠬᠠᠷᠪᠤᠯᠳᠠ ᠵᠢᠨ ᠵᠠᠢ     ᠰᠤᠷ᠎ᠤᠨ ᠬᠤᠯᠠ ᠵᠢᠨ ᠵᠠᠢ᠎ᠨᠢ 22.5 ᠬᠤᠤᠰ ᠠᠯᠳᠠ (75 ᠮᠧᠲᠷ) ᠪᠤᠶᠤ 45 ᠨᠤᠮᠤ᠃ ᠬᠠᠷᠪᠤᠬᠤ ᠰᠤᠷ᠎ᠨᠢ ᠬᠠᠨ᠎ᠠ᠂ ᠬᠠᠰᠤᠭ᠎ᠠ ᠭᠡᠵᠦ ᠬᠤᠶᠠᠷ ᠲᠦᠷᠦᠯ ᠪᠠᠢ᠌ᠳᠠᠭ᠃ ᠬᠠᠨ᠎ᠠ ᠰᠤᠷ 120 ~ 300 ᠰᠢᠷᠭᠡᠭ᠂ ᠬᠠᠰᠤᠭ᠎ᠠ ᠰᠤᠷ 30 ᠰᠢᠷᠭᠡᠭ ᠲᠤᠰ ᠲᠤᠰ ᠪᠠᠢ᠌ᠳᠠᠭ᠃ ᠬᠠᠨ᠎ᠠ ᠰᠤᠷ᠎ᠢ ᠭᠤᠷᠪᠠᠨ ᠦᠶ᠎ᠡ᠎ᠠᠴᠠ ᠳᠤᠷᠤᠭᠰᠢ ᠦᠭᠡᠢ ᠵᠢᠷᠭᠤᠭ᠋ᠠᠨ ᠦᠶ᠎ᠡ᠎ᠠᠴᠠ ᠳᠠᠪᠠᠭᠤᠯᠬᠤ ᠦᠭᠡᠢ᠎ᠪᠠᠷ ᠦᠷᠤᠳᠡᠭ᠃ ᠡᠮᠡᠭᠲᠡᠢ᠌ᠴᠤᠳ᠎ᠤᠨ ᠬᠠᠷᠪᠤᠭ᠋ᠠᠨ᠎ᠤ ᠬᠤᠯᠠ ᠵᠢᠨ ᠵᠠᠢ 18 ᠬᠤᠤᠰ ᠠᠯᠲᠠ᠂ ᠬᠡᠦᠬᠡᠳ᠎ᠤᠨ ᠬᠠᠷᠪᠤᠭ᠋ᠠᠨ᠎ᠤ ᠵᠠᠢ ᠠᠷᠪᠠᠨ ᠨᠠᠢ᠍ᠮᠠᠨ ᠨᠠᠰᠤ ᠬᠦᠷᠳᠡᠯ᠎ᠡ ᠬᠦᠪᠡᠭᠦᠳ᠎ᠲᠤ ᠨᠠᠰᠤ ᠪᠦᠷᠢ 1.2 ᠬᠤᠤᠰ ᠠᠯᠳᠠ᠂ ᠦᠬᠢᠳ᠎ᠲᠤ ᠨᠠᠰᠤ ᠪᠦᠷᠢ 0.9 ᠬᠤᠤᠰ ᠠᠯᠳᠠ᠎ᠪᠠᠷ ᠪᠤᠳᠤᠵᠤ ᠳᠤᠭᠲᠠᠭ᠋ᠠᠳᠠᠭ᠃    
    ᠬᠠᠷᠪᠤᠯᠲᠠ ᠵᠢᠨ ᠵᠢᠷᠦᠮ     ᠬᠠᠷᠪᠤᠯᠲᠠ ᠵᠢᠨ ᠲᠠᠯᠠᠪᠠᠢ᠎ᠳᠤ ᠵᠢᠷᠦᠮᠯᠡᠬᠤ ᠶᠤᠰᠤ᠃ ᠰᠤᠷ᠎ᠤᠨ ᠲᠡᠮᠡᠴᠡᠭᠡᠨ᠎ᠳᠤ ᠤᠷᠤᠯᠴᠠᠭᠰᠠᠳ ᠬᠠᠷᠪᠤᠯᠲᠠ ᠵᠢᠨ ᠲᠡᠮᠡᠴᠡᠭᠡᠨ ᠡᠬᠢᠯᠡᠬᠦ᠎ᠳᠤ ᠤᠯᠤᠰ᠎ᠤᠨ ᠮᠡᠷᠭᠡᠨ᠂ ᠰᠫᠣᠷᠲ᠎ᠤᠨ ᠮᠠᠰᠲ᠋ᠧᠷ ᠴᠤᠯᠠ᠎ᠲᠠᠢ ᠰᠤᠷᠴᠢᠳ᠎ᠢ ᠭᠠᠷᠭ᠋ᠠᠨ᠎ᠠ᠃ ᠡᠬᠢᠯᠡᠨ ᠬᠠᠷᠪᠤᠬᠤ ᠵᠢ ᠮᠡᠷᠭᠡ ᠦᠶ᠎ᠡ᠂ ᠲᠡᠭᠦᠰᠭᠡᠯ᠎ᠤᠨ ᠬᠠᠷᠪᠤᠯᠲᠠ ᠵᠢ ᠰᠢᠪᠲᠤᠷᠠᠭ᠎ᠠ ᠦᠶ᠎ᠡ ᠭᠡᠨ᠎ᠡ᠃ ᠮᠡᠷᠭᠡ ᠦᠶ᠎ᠡ᠎ᠳᠤ ᠨᠢᠭᠡ ᠵᠢᠷᠤᠬᠠᠢ ᠵᠢᠨ ᠰᠤᠷ ᠳᠡᠭᠡᠷ᠎ᠡ ᠬᠤᠶᠠᠷ ᠬᠦᠮᠦᠨ᠎ᠢ á ­á  á ·á ­á ‹á  á ¨ ᠬᠠᠷᠪᠤᠭᠤᠯᠵᠤ᠂ ᠳᠠᠷᠠᠭ᠋ᠠᠬᠢ ᠦᠶ᠎ᠡ᠎ᠨᠦᠭᠦᠳ᠎ᠲᠤ ᠳᠦᠷᠪᠡ᠎ᠪᠠᠷ ᠭᠠᠷᠭ᠋ᠠᠵᠤ᠂ ᠬᠠᠮᠤᠭ ᠰᠡᠭᠦᠯᠴᠢ ᠵᠢᠨ ᠰᠢᠪᠲᠣᠷᠠᠭ᠎ᠠ ᠵᠢᠨ ᠦᠶ᠎ᠡ᠎ᠳᠤ ᠵᠠᠯᠠᠭᠤ ᠰᠠᠢ᠌ᠨ ᠬᠠᠷᠪᠤᠭ᠋ᠠᠴᠢ ᠬᠣᠶᠠᠷ ᠬᠦᠮᠦᠨ᠎ᠢ ᠭᠠᠷᠭ᠋ᠠᠵᠤ ᠬᠠᠷᠪᠤᠭᠤᠯᠬᠤ ᠵᠢᠷᠦᠮ᠎ᠢ ᠪᠠᠷᠢᠮᠳᠠᠯᠠᠬᠤ ᠪᠦᠭᠡᠳ ᠡᠬᠢ᠂ ᠲᠡᠭᠦᠰᠭᠡᠯ᠎ᠤᠨ ᠦᠶ᠎ᠡ᠎ᠳᠤ ᠪᠦᠬᠦ ᠬᠠᠷᠪᠤᠭ᠋ᠠᠴᠢ ᠨᠠᠷ ᠰᠣᠷ ᠳᠡᠭᠡᠷ᠎ᠡ ᠣᠴᠢᠵᠤ ᠰᠦᠷᠯᠢᠭ ᠪᠠᠢ᠌ᠳᠠᠯ᠎ᠲᠠᠢ ᠵᠤᠭᠰᠣᠵᠤ ᠣᠣᠬᠠᠢ᠌ᠯᠠᠳᠠᠭ᠃ ᠰᠤᠮᠤ᠎ᠪᠠᠨ ᠬᠠᠷᠪᠤᠵᠤ ᠳᠠᠭᠤᠰᠤᠮᠠᠭᠴᠠ ᠰᠣᠷᠴᠢᠳ ᠰᠠᠮᠪᠠᠷ᠎ᠠ ᠵᠢᠨ ᠰᠢᠭᠦᠭᠴᠢᠳ ᠪᠡᠶ᠎ᠡ᠎ᠪᠠᠷ ᠢᠷᠡᠵᠦ ᠰᠤᠮᠤ ᠵᠢᠨ ᠣᠨᠣᠭ᠎ᠠ ᠳᠣᠰᠬᠠᠯ ᠵᠦᠪ á ¡á °á ¡á ­á ¦ ᠵᠢ ᠦᠵᠡᠭᠡᠳ ᠰᠤᠷ ᠵᠢᠨ ᠳᠡᠷᠭᠡᠳᠡ ᠤᠴᠢᠵᠤ ᠳᠠᠷᠠᠭ᠋ᠠᠴᠢ ᠵᠢᠨ ᠬᠠᠷᠪᠤᠬᠤ ᠠᠵᠢᠯ᠎ᠳᠤ ᠪᠡᠯᠡᠳᠭᠡᠨ᠎ᠡ᠃ ᠤᠯᠠᠭ᠋ᠠᠨ ᠲᠠᠷᠴᠤᠭ᠂ á ´á  á ­á ‹á  á ¨ ᠲᠠᠷᠴᠤᠭ ᠪᠠᠷᠢᠭᠰᠠᠨ ᠬᠤᠶᠠᠷ ᠬᠦᠮᠦᠨ ᠲᠡᠮᠡᠴᠡᠬᠡᠨ᠎ᠢ ᠤᠳᠤᠷᠢᠳᠬᠤ ᠪᠦᠭᠡᠳ ᠬᠠᠷᠪᠤᠵᠤ ᠡᠬᠢᠯᠡᠬᠦ᠎ᠪᠠᠷ ᠤᠯᠠᠭ᠋ᠠᠨ ᠳᠠᠷᠴᠤᠭ ᠡᠷᠭᠦᠵᠦ ᠳᠤᠬᠢᠶ᠎ᠠ ᠦᠭᠭᠦᠨ᠎ᠡ᠃ ᠰᠣᠷ ᠬᠠᠷᠪᠤᠬᠤ ᠵᠢ ᠵᠦᠪᠰᠢᠶᠡᠷᠡᠬᠦ ᠦᠭᠡᠢ ᠦᠶ᠎ᠡ᠎ᠳᠤ á ´á  á ­á ‹á  á ¨ ᠲᠠᠷᠴᠤᠭ ᠡᠷᠭᠦᠵᠦ ᠳᠤᠬᠢᠶ᠎ᠠ ᠦᠭᠳᠡᠭ᠃ ᠨᠢᠭᠡ ᠪᠠᠭ ᠠᠷᠪᠠᠨ ᠬᠤᠶᠠᠷ ᠬᠦᠮᠦᠨ᠎ᠲᠠᠢ᠂ ᠬᠡᠷᠪᠡ ᠰᠣᠷᠴᠢᠳ ᠬᠦᠷᠦᠯᠴᠡᠬᠦ ᠦᠭᠡᠢ ᠪᠤᠯ ᠨᠠᠢ᠍ᠮᠠ᠎ᠠᠴᠠ ᠠᠷᠪᠠᠨ ᠬᠦᠮᠦᠨ ᠪᠠᠢ᠌ᠵᠤ ᠪᠤᠯᠤᠨ᠎ᠠ᠃ ᠭᠡᠪᠡᠴᠦ ᠵᠠᠪᠠᠯ ᠪᠦᠲᠦᠨ ᠪᠠᠭ᠎ᠲᠠᠢ ᠪᠠᠢ᠌ᠬᠤ ᠵᠢ ᠴᠢᠬᠤᠯᠠᠴᠢᠯᠠᠳᠠᠭ᠃ ᠪᠠᠭ ᠬᠡᠳᠦ ᠴᠦ᠍ ᠪᠠᠢ᠌ᠵᠤ ᠪᠤᠯᠤᠨ᠎ᠠ᠂ ᠬᠠᠷᠢᠨ ᠨᠠᠢ᠍ᠮᠠ᠎ᠠᠴᠠ ᠳᠤᠷᠤᠭᠰᠢ ᠬᠦᠮᠦᠨ᠎ᠲᠠᠢ ᠪᠠᠢ᠌ᠵᠤ ᠪᠤᠯᠬᠤ ᠦᠭᠡᠢ᠃ ᠴᠣᠪᠣᠭ᠎ᠠ ᠬᠠᠷᠪᠤᠭ᠋ᠠᠨ᠎ᠳᠤ ᠨᠢᠭᠡ ᠬᠦᠮᠦᠨ 20 ᠰᠤᠮᠤ ᠬᠠᠷᠪᠤᠵᠤ ᠪᠠᠢ᠌ᠭᠰᠠᠨ᠎ᠠᠴᠠ ᠣᠳᠣ ᠬᠦᠮᠦᠨ ᠪᠦᠷᠢ 40 ᠰᠣᠮᠣ ᠬᠠᠷᠪᠤᠵᠤ᠂ 20 ᠵᠢ ᠬᠠᠨ᠎ᠠ ᠰᠤᠷ᠎ᠲᠤ ᠬᠠᠷᠪᠤᠵᠤ 20 ᠬᠠᠰᠣᠭ᠎ᠠ ᠰᠤᠷ ᠬᠠᠷᠪᠤᠬᠤ ᠪᠤᠯᠤᠭᠰᠠᠨ᠎ᠨᠢ ᠰᠤᠷᠴᠢᠳ ᠵᠢᠨ ᠴᠢᠨᠠᠭᠰᠢᠲᠠ ᠰᠣᠷᠴᠣ ᠲᠠᠰᠬᠠᠯᠵᠢᠬᠤ ᠶᠠᠪᠤᠳᠠᠯ᠎ᠳᠤ ᠶᠠᠬᠡ ᠠᠰᠢᠭᠲᠠᠢ ᠪᠤᠯᠤᠭᠰᠠᠨ ᠶᠤᠮ᠃ ᠪᠠᠭ᠎ᠤᠨ ᠲᠡᠮᠡᠴᠡᠬᠡᠨ ᠬᠢᠬᠦ᠎ᠳᠡᠭᠡᠨ ᠭᠤᠷᠪᠠᠨ ᠦᠷᠦᠭ ᠬᠠᠷᠪᠤᠵᠤ ᠡᠬᠢᠨ᠎ᠤ ᠦᠷᠦᠭ᠎ᠲᠤ 8 ᠰᠤᠮᠤ᠂ ᠳᠤᠮᠳᠠ ᠦᠷᠦᠭ᠎ᠲᠤ 8 ᠰᠤᠮᠤ᠂ ᠠᠳᠠᠭ ᠦᠷᠦᠭ᠎ᠲᠤ 4 ᠰᠤᠮᠤ ᠲᠤᠰ ᠲᠤᠰ ᠬᠠᠷᠪᠤᠵᠤ ᠪᠠᠢ᠌ᠳᠠᠭ᠃ ᠪᠠᠭ᠎ᠤᠨ ᠬᠠᠷᠪᠤᠭ᠋ᠠᠨ᠎ᠳᠤ ᠭᠤᠷᠪᠠᠨ ᠦᠷᠦᠭ ᠬᠠᠷᠪᠤᠵᠤ ᠲᠤᠳᠤᠷᠬᠠᠢ᠌ᠯᠠᠳᠠᠭ᠃ ᠡᠬᠦᠨ᠎ᠳᠤ ᠡᠬᠢᠨ᠎ᠤ ᠦᠷᠦᠭ᠎ᠲᠤ ᠠᠷᠪᠠᠨ ᠬᠣᠶᠠᠷ ᠬᠦᠮᠦᠨ᠎ᠲᠠᠢ ᠪᠠᠭ ᠭᠡᠪᠡᠯ ᠡᠬᠢᠨ᠎ᠤ ᠡᠭᠡᠯᠵᠢ᠎ᠳᠤ ᠬᠦᠮᠦᠨ ᠪᠦᠷᠢ ᠳᠦᠷᠪᠡ᠂ ᠪᠦᠭᠦᠳᠡ 48 ᠰᠤᠮᠤ ᠬᠠᠷᠪᠤᠬᠤ᠎ᠠᠴᠠ ᠬᠠᠨ᠎ᠠ ᠰᠤᠷ᠎ᠲᠤ 33 ᠰᠤᠮᠤ᠂ ᠬᠠᠰᠤᠭ᠎ᠠ ᠰᠤᠷ᠎ᠲᠤ 15 ᠰᠣᠮᠣ ᠬᠠᠷᠪᠤᠨ᠎ᠠ᠃ ᠵᠢᠱ᠌ᠢᠶᠡᠯᠡᠪᠡᠯ ᠨᠢᠭᠡᠳᠦᠭᠡᠷ ᠪᠠᠭ 33 ᠰᠤᠮᠤ᠎ᠪᠠᠷ ᠭᠤᠴᠢᠨ ᠭᠤᠷᠪᠠ ᠣᠨᠣᠭ᠋ᠠᠵᠤ᠂ ᠬᠤᠶᠠᠳᠤᠭ᠋ᠠᠷ ᠪᠠᠭ 33 ᠰᠤᠮᠤ᠎ᠪᠠᠷ ᠬᠣᠷᠢᠨ ᠨᠠᠢ᠍ᠮᠠ ᠤᠨᠤᠭ᠋ᠠᠵᠤ᠂ ᠲᠠᠪᠤᠨ ᠬᠠᠰᠤᠭ᠎ᠠ ᠳᠤᠲᠠᠭᠣ ᠭᠡᠵᠦ ᠦᠵᠡᠪᠡᠯ ᠦᠪᠡᠷ᠎ᠤᠨ 15 ᠬᠠᠰᠤᠭ᠎ᠠ ᠳᠡᠭᠡᠷ᠎ᠡ 5 ᠰᠤᠷ ᠵᠶ᠋ᠡᠨ ᠨᠡᠮᠡᠵᠦ 20 ᠬᠠᠰᠤᠭ᠎ᠠ ᠪᠤᠯᠭ᠋ᠠᠬᠤ ᠪᠠ ᠨᠢᠭᠡᠳᠦᠭᠡᠷ ᠪᠠᠭ᠎ᠤᠨ 15 ᠬᠠᠰᠤᠭ᠎ᠠ᠂ ᠪᠦᠬᠦᠳᠡ 35 ᠬᠠᠰᠤᠭ᠎ᠠ ᠳᠠᠯᠪᠢᠵᠦ ᠬᠠᠷᠪᠤᠳᠠᠭ᠃ ᠦᠪᠡᠷ᠎ᠤᠨ ᠲᠠᠯᠪᠢᠭᠰᠠᠨ ᠬᠠᠰᠤᠭ᠎ᠠ᠎ᠪᠠᠨ ᠣᠷᠢᠳᠠ᠎ᠪᠠᠷ ᠤᠨᠤᠭ᠋ᠠᠵᠤ ᠳᠠᠭᠣᠰᠬᠠᠭᠰᠠᠨ ᠪᠠᠭ᠎ᠨᠢ ᠨᠦᠭᠦᠭᠡ ᠦᠯᠡᠳᠡᠭᠰᠠᠨ ᠬᠠᠰᠣᠭ᠎ᠠ ᠵᠢ ᠨᠢᠭᠡᠳᠦᠭᠡᠷ ᠦᠷᠦᠭ᠎ᠲᠤ ᠳᠠᠳᠠᠭᠰᠠᠨ᠎ᠳᠤ ᠲᠣᠭ᠋ᠠᠴᠠᠵᠤ ᠳᠠᠷᠠᠭ᠎ᠠ ᠵᠢᠨ ᠦᠷᠦᠭ ᠡᠬᠢᠯᠡᠳᠡᠭ᠃ ᠳᠤᠮᠳᠠ᠂ ᠠᠳᠠᠭ ᠦᠷᠦᠭ᠎ᠲᠤ ᠨᠦᠭᠦᠭᠡ ᠲᠠᠯ᠎ᠠ᠎ᠨᠢ ᠦᠪᠡᠷ᠎ᠤᠨ ᠬᠠᠰᠤᠭ᠎ᠠ᠎ᠪᠠᠨ ᠨᠦᠬᠦᠨ ᠠᠪᠴᠤ ᠪᠤᠯᠤᠨ᠎ᠠ᠃ ᠬᠣᠵᠢᠨ᠎ᠢ ᠲᠠᠪᠤᠨ ᠲᠠᠲᠠᠯᠳᠠ᠎ᠪᠠᠷ ᠲᠣᠭ᠋ᠠᠴᠠᠳᠠᠭ᠂ ᠬᠡᠷᠪᠡ ᠭᠤᠷᠪᠠᠨ ᠦᠷᠦᠭ᠎ᠤᠨ ᠳᠠᠷᠠᠭ᠎ᠠ 4 ᠬᠠᠰᠤᠭ᠎ᠠ ᠳᠠᠳᠠᠵᠣ 1 ᠬᠠᠰᠤᠭ᠎ᠠ ᠦᠯᠡᠳᠡᠪᠡᠯ ᠡᠭᠦᠨ᠎ᠢ ᠬᠤᠵᠢᠨ ᠬᠠᠷᠢᠴᠠᠭ᠋ᠠᠨ᠎ᠤ ᠳᠡᠭᠦᠵᠢᠩ ᠭᠡᠵᠦ 22.5 ᠬᠣᠣᠰ ᠠᠯᠳᠠ (75 ᠮᠧᠲᠷ) ᠵᠢᠨ ᠵᠠᠢ᠎ᠠᠴᠠ ᠬᠠᠷᠪᠤᠳᠠᠭ᠃ 4 ᠬᠠᠰᠤᠭ᠎ᠠ ᠳᠠᠲᠠᠭᠰᠠᠨ ᠳᠡᠭᠦᠵᠢᠩ᠎ᠠᠴᠠ á ­á  á ­á ´á   ᠬᠠᠰᠤᠭ᠎ᠠ᠎ᠢ ᠠᠪᠤᠪᠠᠯ ᠲᠠᠪᠤᠨ ᠲᠠᠳᠠᠯᠳᠠ᠎ᠪᠠᠷ ᠬᠤᠵᠢᠳᠠᠭ᠃ ᠬᠡᠷᠪᠡ ᠳᠤᠲᠠᠭᠤ ᠬᠠᠰᠤᠭ᠎ᠠ᠎ᠲᠠᠢ ᠪᠠᠭ ᠠᠪᠤᠪᠠᠯ ᠬᠤᠵᠢᠨ ᠦᠭᠡᠢ ᠳᠡᠩᠴᠡᠭᠰᠡᠨ᠎ᠳᠤ ᠲᠤᠭ᠋ᠠᠴᠠᠨ᠎ᠠ᠃ ᠨᠢᠭᠡᠳᠦᠭᠡᠷ ᠪᠠᠭ 2 ᠰᠣᠷ᠎ᠲᠠᠢ ᠲᠡᠩᠴᠡᠭᠦ ᠬᠤᠶᠠᠳᠤᠭ᠋ᠠᠷ ᠪᠠᠭ 7 ᠰᠤᠷ᠎ᠲᠠᠢ ᠪᠠᠢ᠌ᠨ᠎ᠠ ᠬᠡᠵᠦ ᠦᠵᠡᠪᠡᠯ ᠨᠢᠭᠡᠳᠦᠭᠡᠷ ᠪᠠᠭ᠎ᠤᠨ 2 ᠰᠣᠷ᠎ᠲᠠᠢ ᠲᠡᠩᠴᠡᠭᠦ ᠬᠤᠶᠠᠳᠤᠭ᠋ᠠᠷ ᠪᠠᠭ 7 ᠰᠤᠷ᠎ᠠᠴᠠ 2á Žá ¢ ᠬᠠᠰᠤᠵᠤ᠂ ᠦᠯᠡᠳᠡᠬᠦ 5 ᠰᠤᠷ᠎ᠢ ᠬᠤᠶᠠᠷ ᠪᠠᠭ᠎ᠲᠤ ᠲᠡᠩᠴᠡᠭᠦᠦ ᠬᠤᠪᠢᠶᠠᠵᠤ ᠦᠭᠭᠦᠭᠡᠳ ᠦᠯᠡᠳᠡᠭᠰᠠᠨ á ­á  á ­á ´á   ᠬᠠᠰᠤᠭ᠎ᠠ ᠵᠢ ᠵᠢᠷᠤᠬᠠᠢ ᠦᠴᠢᠭᠯᠡᠨ ᠬᠠᠷᠪᠤᠨ᠎ᠠ᠃ ᠡᠬᠢᠯᠡᠭᠡᠳ ᠬᠠᠰᠤᠭ᠎ᠠ ᠲᠠᠯᠪᠢᠭᠰᠠᠨ ᠪᠠᠭ ᠬᠠᠷᠪᠤᠵᠤ ᠣᠨᠣᠭ᠋ᠠᠪᠠᠯ ᠬᠣᠵᠢᠨ ᠲᠡᠩᠴᠡᠬᠦ   ᠪᠠ ᠤᠨᠤᠭ᠋ᠠᠭᠰᠠᠨ ᠦᠭᠡᠢ ᠲᠠᠯ᠎ᠠ᠎ᠨᠢ ᠣᠨᠣᠭ᠋ᠠᠪᠠᠯ ᠲᠠᠪᠤᠨ ᠳᠠᠳᠠᠯᠳᠠ᠎ᠪᠠᠷ ᠬᠣᠵᠢᠨ ᠠᠪᠣᠨ᠎ᠠ᠃ ᠬᠠᠰᠤᠭ᠎ᠠ ᠰᠤᠷ᠎ᠢ ᠦᠷᠦᠬᠦ᠎ᠳᠡᠭᠡᠨ 24 ᠬᠠᠰᠤᠭ᠎ᠠ ᠵᠢ ᠬᠣᠶᠠᠷ ᠳᠠᠪᠬᠣᠷᠯᠠᠵᠤ᠂ ᠦᠯᠡᠳᠡᠭᠰᠡᠨ 6 ᠬᠠᠰᠤᠭ᠎ᠠ ᠵᠢ ᠬᠤᠶᠠᠷ ᠲᠠᠯ᠎ᠠ᠎ᠳᠤᠨᠢ ᠭᠤᠷᠪᠠ ᠭᠤᠷᠪᠠ᠎ᠪᠠᠷ ᠬᠡᠪᠳᠡᠭᠦᠯᠦᠨ ᠦᠷᠦᠳᠡᠭ᠃ ᠬᠠᠰᠤᠭ᠎ᠠ ᠰᠢᠮᠡᠬᠦ᠎ᠳᠡᠭᠡᠨ ᠳᠠᠪᠬᠤᠷᠯᠠᠨ ᠦᠷᠦᠭᠰᠡᠨ ᠬᠠᠰᠤᠭ᠎ᠠ᠎ᠠᠴᠠ ᠡᠬᠢᠯᠡᠵᠦ᠂ ᠬᠠᠮᠤᠭ ᠰᠡᠭᠦᠯ᠎ᠳᠤ ᠬᠡᠪᠳᠡᠭᠡ ᠬᠠᠰᠤᠭ᠎ᠠ ᠦᠯᠡᠳᠡᠳᠡᠭ᠃ ᠵᠢᠷᠣᠬᠠᠢ ᠪᠠᠢ᠌ᠭᠤᠯᠬᠤ᠎ᠳᠠᠭᠠᠨ ᠤᠷᠤᠯᠴᠠᠭᠰᠠᠨ ᠬᠦᠮᠦᠨ᠎ᠤ ᠤᠯᠠᠨ ᠴᠦᠬᠡᠨ ᠵᠶ᠋ᠡᠨ ᠦᠵᠡᠵᠦ ᠲᠤᠭᠳᠠᠭ᠋ᠠᠨ᠎ᠠ᠃ ᠨᠢᠭᠡ ᠵᠢᠷᠤᠬᠠᠢ᠎ᠳᠤ ᠵᠠᠭᠤ᠎ᠠᠴᠠ ᠳᠤᠷᠤᠭᠰᠢ ᠬᠦᠮᠦᠨ ᠪᠠᠢ᠌ᠵᠤ ᠪᠤᠯᠳᠠᠭ᠃ ᠬᠡᠷᠪᠡ ᠵᠠᠭᠤ᠎ᠠᠴᠠ ᠳᠡᠭᠡᠭᠰᠢ ᠪᠣᠯ ᠵᠢᠷᠤᠬᠠᠢ ᠨᠡᠮᠡᠵᠦ ᠪᠠᠢ᠌ᠭᠤᠯᠳᠠᠭ᠃ ᠪᠤᠭᠤᠨᠢ ᠲᠡᠮᠡᠴᠡᠬᠡᠨ᠎ᠢ ᠳᠠᠭᠤᠰᠬᠠᠬᠤ ᠱᠠᠭ᠋ᠠᠷᠳᠠᠯᠭ᠎ᠠ᠎ᠲᠠᠢ ᠪᠤᠯ ᠵᠢᠷᠤᠬᠠᠢ ᠨᠡᠮᠡᠵᠦ ᠪᠤᠯᠤᠨ᠎ᠠ᠃ ᠰᠤᠷ᠎ᠤᠨ ᠬᠡᠯᠬᠢᠶ᠎ᠡ᠎ᠠᠴᠠ ᠳᠠᠰᠤᠷᠠᠵᠤ á  á ·á ¤ ᠵᠢᠷᠤᠬᠠᠢ᠎ᠠᠴᠠ ᠭᠠᠷᠤᠭᠰᠠᠨ᠂ ᠭᠠᠵᠠᠷᠳᠠᠵᠤ ᠤᠨᠤᠭᠰᠠᠨ ᠪᠤᠶᠤ á  á ·á ¤ ᠵᠢᠷᠤᠬᠠᠢ᠎ᠠᠴᠠ ᠰᠤᠷ ᠭᠠᠷᠤᠭ᠋ᠠᠳᠤᠢ ᠪᠠᠯ ᠤᠨᠤᠭ᠋ᠠᠭᠰᠠᠨ᠎ᠳᠤ ᠲᠤᠭ᠋ᠠᠴᠠᠵᠤ ᠦᠭᠡᠢ᠂ ᠡᠬᠦᠨ᠎ᠢ ᠫᠠᠢ᠌ᠳᠠᠭᠤᠯᠬᠤ ᠬᠡᠳᠡᠭ᠃ ᠬᠠᠷᠢᠨ 50 ᠨᠠᠰᠤᠨ᠎ᠠᠴᠠ ᠳᠡᠭᠡᠭᠰᠢ ᠪᠣᠶᠣ ᠬᠡᠥᠬᠡᠳ᠎ᠤᠨ ᠬᠦᠴᠦ ᠴᠢᠳᠠᠯ ᠢᠳᠡᠷ ᠰᠤᠷᠴᠢᠳ᠎ᠤᠨ ᠬᠦᠴᠦᠨ᠎ᠲᠠᠢ ᠳᠡᠩᠴᠡᠬᠦ ᠦᠭᠡᠢ ᠪᠠᠢ᠌ᠳᠠᠭ ᠬᠠᠷᠭ᠋ᠠᠯᠵᠠᠨ ᠰᠣᠷ ᠬᠡᠯᠬᠢᠶ᠎ᠡ ᠲᠠᠰᠤᠷᠠᠮᠠᠭᠴᠠ ᠣᠨᠣᠭ᠋ᠠᠨ᠎ᠳᠤ ᠲᠣᠭ᠋ᠠᠴᠠᠳᠠᠭ᠃ ᠰᠤᠷᠴᠢᠳ᠎ᠤᠨ ᠤᠨᠤᠭ᠎ᠠ ᠵᠢ ᠬᠤᠶᠠᠷ ᠪᠠᠭ᠎ᠤᠨ ᠰᠤᠯᠢᠯᠴᠠᠭᠰᠠᠨ ᠰᠠᠮᠪᠠᠷ᠎ᠠ᠎ᠳᠤ ᠵᠢᠷᠤᠵᠤ ᠲᠡᠮᠳᠡᠭᠯᠡᠳᠡᠭ᠃    
    ᠰᠤᠷ ᠰᠢᠬᠦᠭᠴᠢ     ᠰᠤᠷ᠎ᠤᠨ ᠪᠦᠬᠦ ᠬᠡᠷᠡᠭ ᠡᠷᠬᠢᠯᠡᠭᠰᠡᠨ ᠲᠠᠭ᠋ᠠᠭ᠋ᠠᠮᠠᠯ (ᠶᠡᠷᠥᠩᠬᠢ ᠰᠢᠭᠦᠭᠴᠢ) ᠨᠢᠭᠡ᠂ ᠪᠢᠴᠢᠭᠡᠴᠢ (ᠨᠠᠷᠢᠨ ᠪᠢᠴᠢᠭ᠎ᠤᠨ ᠳᠠᠷᠤᠭ᠎ᠠ) ᠨᠢᠭᠡ᠂ ᠪᠠᠢ᠌ᠷᠢ ᠵᠢᠨ ᠡᠷᠬᠢᠯᠡᠭᠴᠢ (ᠠᠵᠦ ᠠᠬᠤᠢ ᠵᠢᠨ ᠰᠢᠭᠦᠭᠴᠢ) ᠨᠢᠭᠡ᠂ ᠲᠤᠰᠠᠯᠠᠬᠤ ᠭᠡᠰᠢᠬᠦᠨ (ᠲᠤᠰᠠᠯᠠᠬᠤ ᠰᠢᠭᠦᠭᠴᠢ) ᠨᠢᠭᠡ᠂ ᠰᠠᠮᠪᠠᠷ᠎ᠠ ᠵᠢᠨ ᠠᠵᠢᠯᠲᠠ (ᠰᠠᠮᠪᠠᠷ᠎ᠠ ᠰᠢᠭᠦᠭᠴᠢ) ᠳᠦᠷᠪᠡ᠂ ᠵᠢᠷᠤᠬᠠᠢ ᠰᠢᠭᠦᠭᠴᠢ ᠪᠠ ᠰᠣᠷ᠎ᠤᠨ ᠵᠠᠰᠠᠭᠣᠯ ᠲᠣᠰ ᠪᠦᠷᠢ ᠳᠦᠷᠪᠡ ᠪᠠᠢ᠌ᠳᠠᠭ᠃    
      ᠰᠣᠷ᠎ᠤᠨ ᠣᠣᠬᠠᠢ     ᠳᠡᠭᠡᠷ᠎ᠡ ᠦᠶ᠎ᠡ᠎ᠠᠴᠠ ᠤᠯᠠᠮᠵᠢᠯᠠᠭᠳᠠᠨ ᠢᠷᠡᠭᠰᠡᠨ ᠬᠠᠷᠪᠤᠭᠴᠢᠳ᠎ᠤᠨ ᠪᠠᠶᠠᠷ ᠪᠠᠶᠠᠰᠬᠤᠯᠠᠩ᠎ᠢ ᠢᠯᠡᠳᠭᠡᠭᠰᠡᠨ ᠨᠢᠭᠡᠨ ᠵᠦᠢ᠍ᠯ ᠤᠷᠢᠶ᠎ᠠ ᠳᠠᠭᠤᠨ᠃ ᠣᠣᠬᠠᠢ᠎ᠨᠢ ᠰᠠᠮᠪᠠᠷ᠎ᠠ ᠵᠢᠨ᠂ ᠵᠢᠷᠤᠬᠠᠢ ᠵᠢᠨ᠂ ᠨᠠᠢ᠌ᠵᠠ ᠵᠢᠨ ᠭᠡᠬᠦᠴᠢᠯᠡᠨ ᠬᠡᠳᠦ ᠬᠡᠳᠦᠨ ᠶᠠᠩᠵᠦ ᠪᠠᠢ᠌ᠳᠠᠭ᠃ ᠵᠢᠷᠣᠬᠠᠢ ᠳᠡᠭᠡᠷ᠎ᠡ ᠵᠤᠭᠰᠤᠵᠤ ᠪᠠᠢ᠌ᠭ᠎ᠠ ᠬᠠᠷᠪᠤᠭ᠋ᠠᠴᠢᠳ ᠰᠢᠭᠦᠭᠴᠢᠳ᠎ᠠᠴᠠ ᠰᠣᠷᠴᠢᠳ ᠬᠠᠷᠪᠤᠬᠤ ᠪᠤᠯᠬᠤ᠎ᠪᠠᠷ ᠤᠨᠤᠬᠤ ᠵᠢ ᠤᠷᠢᠵᠤ ᠵᠦᠭᠡᠯᠡᠨ ᠨᠠᠮᠣᠭᠣᠨ ᠣᠣᠬᠠᠢ᠌ᠯᠠᠳᠠᠭ᠃ ᠬᠠᠷᠢᠨ ᠤᠨᠤᠭ᠋ᠠᠵᠤ ᠡᠬᠢᠯᠡᠪᠡᠯ ᠣᠨᠣᠭᠰᠠᠨ᠎ᠤ ᠪᠠᠶᠠᠷ ᠪᠤᠯᠭ᠋ᠠᠵᠤ ᠦᠨᠳᠦᠷ ᠳᠠᠭᠤᠨ ᠵᠶ᠋ᠡᠷ ᠤᠤᠬᠠᠢ ᠬᠡᠵᠦ ᠮᠡᠳᠡᠬᠡ ᠦᠭᠭᠦᠨ᠎ᠡ᠃ ᠤᠨᠤᠭᠰᠠᠨ ᠤᠤᠬᠠᠢ ᠵᠢᠨ ᠳᠠᠷᠠᠭ᠎ᠠ ᠰᠠᠮᠪᠠᠷ᠎ᠠ ᠵᠢᠨ ᠤᠤᠬᠠᠢ ᠦᠷᠭᠦᠯᠵᠢᠯᠡᠨ᠎ᠡ᠃ ᠰᠠᠮᠪᠠᠷ᠎ᠠ ᠵᠢᠨ ᠤᠤᠬᠠᠢ ᠪᠤᠯ ᠨᠠᠮᠤᠭᠤᠨ᠂ ᠤᠳᠠᠭ᠋ᠠᠨ ᠠᠭ᠋ᠠᠵᠢᠮ ᠦᠷᠭᠦᠯᠵᠢᠯᠡᠳᠡᠭ᠃ ᠪᠠᠭ ᠬᠠᠷᠪᠤᠭ᠋ᠠᠨ᠎ᠤ ᠲᠡᠮᠡᠴᠡᠭᠡᠨ ᠪᠤᠯᠪᠠᠯ ᠦᠪᠡᠷ᠎ᠤᠨ ᠲᠠᠯ᠎ᠠ ᠵᠢ ᠬᠠᠷᠪᠤᠬᠤ᠎ᠳᠤ ᠤᠤᠬᠠᠢ ᠭᠡᠳᠡᠭ ᠵᠠᠩᠰᠢᠯ᠎ᠲᠠᠢ᠃ ᠡᠷᠳᠡ ᠳᠡᠭᠡᠷ᠎ᠡ ᠦᠶ᠎ᠡ᠎ᠠᠴᠠ ᠰᠤᠷ᠎ᠤᠨ ᠬᠠᠷᠪᠤᠭ᠋ᠠᠨ᠎ᠤ ᠡᠬᠢᠯᠡᠯᠳᠡ ᠤᠤᠬᠠᠳ ᠬᠠᠷᠪᠤᠭ᠋ᠠᠨ᠎ᠤ ᠦᠶ᠎ᠡ᠎ᠳᠤ ᠨᠠᠢ᠌ᠵᠠ ᠤᠤᠬᠠᠢ ᠬᠢᠬᠦ ᠵᠠᠩᠰᠢᠯ᠎ᠲᠠᠢ᠃ ᠡᠨᠡ᠎ᠨᠢ ᠬᠠᠷᠪᠤᠭ᠎ᠠ ᠵᠢ ᠶᠡᠬᠡ ᠨᠠᠢ᠌ᠷᠰᠠᠭ ᠳᠤᠲᠤᠨᠤ᠂ ᠨᠠᠢ᠌ᠳᠠᠴᠢ᠂ ᠪᠡᠶ᠎ᠡ ᠪᠡᠶ᠎ᠡ᠎ᠳᠡᠭᠡᠨ ᠰᠤᠷᠭ᠋ᠠᠬᠤ᠂ ᠲᠤᠰᠠᠯᠠᠬᠤ ᠵᠤᠷᠢᠯᠭ᠎ᠠ᠎ᠲᠠᠢ ᠶᠠᠪᠤᠭᠳᠠᠵᠤ ᠦᠶ᠎ᠡ ᠵᠢᠨ ᠦᠶ᠎ᠡ᠎ᠳᠤ ᠤᠯᠠᠮᠵᠢᠯᠠᠭᠳᠠᠨ ᠢᠷᠡᠵᠡᠢ᠃ ᠤᠳᠤ ᠨᠡᠬᠡᠭᠡᠯᠳᠡ ᠬᠠᠭ᠋ᠠᠯᠲᠠ ᠵᠢᠨ ᠳᠠᠷᠠᠭ᠎ᠠ ᠬᠡᠷᠡᠭᠯᠡᠵᠦ ᠪᠤᠢ᠃  
    ᠰᠣᠷᠴᠢᠨ᠎ᠤ ᠴᠤᠯᠠ     ᠬᠠᠷᠪᠤᠭ᠎ᠠ ᠨᠠᠮᠨᠠᠭ᠎ᠠ᠎ᠳᠠᠭᠠᠨ ᠰᠢᠯᠭ᠋ᠠᠷᠠᠭᠰᠠᠳ᠎ᠲᠤ ᠴᠤᠯᠠ ᠣᠯᠭᠣᠬᠣ ᠪᠣᠯ ᠮᠣᠩᠭᠣᠯᠴᠣᠳ᠎ᠤᠨ ᠡᠷᠳᠡ ᠳᠡᠭᠡᠷ᠎ᠡ ᠦᠶ᠎ᠡ᠎ᠠᠴᠠ ᠤᠯᠠᠮᠵᠢᠯᠠᠭᠳᠠᠵᠤ ᠢᠷᠡᠭᠰᠡᠨ ᠵᠠᠩᠰᠢᠯ ᠶᠣᠮ᠃ ᠮᠤᠩᠭᠤᠯ ᠣᠯᠣᠰ᠎ᠤᠨ ᠰᠣᠷᠴᠢᠨ᠎ᠳᠤ ᠤᠯᠭᠤᠬᠤ ᠴᠣᠯᠠ᠎ᠨᠢ ᠪᠤᠰᠤᠳ ᠭᠠᠵᠠᠷ᠎ᠠᠴᠠ ᠣᠯᠠᠨ ᠪᠠᠢ᠌ᠳᠠᠭ᠃ ᠲᠤᠬᠠᠢ᠌ᠯᠠᠪᠠᠯ ᠳᠡᠭᠡᠷ᠎ᠡ ᠦᠶ᠎ᠡ᠎ᠳᠤ ᠮᠣᠩᠭᠣᠯ ᠣᠯᠣᠰ ᠰᠤᠷᠴᠢᠨ᠎ᠳᠠᠭᠠᠨ 《ᠬᠠᠯᠬ᠎ᠠ ᠳᠠᠶᠠᠭ᠋ᠠᠷ ᠮᠠᠰᠢ ᠭᠠᠢ᠌ᠬᠠᠮᠰᠢᠭᠳᠦ ᠮᠡᠷᠭᠡᠨ》᠂ 《ᠬᠠᠯᠬ᠎ᠠ ᠳᠠᠶᠠᠭ᠋ᠠᠷ ᠳᠣᠷᠠᠰᠬᠠᠯᠳᠦ ᠮᠡᠷᠭᠡᠨ》᠂ 《ᠤᠯᠠᠮ ᠦᠷᠨᠢᠨ ᠳᠡᠯᠭᠡᠷᠡᠬᠦ ᠮᠡᠷᠭᠡᠨ》᠂ 《ᠢᠳᠡᠭᠡᠯᠳᠦ ᠮᠡᠷᠭᠡᠨ》᠂     《ᠨᠢᠭᠳᠠ ᠮᠡᠷᠭᠡᠨ》᠂ 《ᠦᠯᠡᠮᠵᠢ ᠬᠢᠴᠢᠶᠡᠩᠭᠦᠢ ᠵᠤᠷᠢᠭᠳᠦ ᠮᠡᠷᠭᠡᠨ》᠂ 《ᠬᠢᠴᠢᠶᠡᠩᠭᠦᠢ ᠬᠤᠷᠴᠠ ᠮᠡᠷᠭᠡᠨ》᠂  ã€Šá ´á ¤á ¯á   ᠨᠡᠮᠡᠬᠦ ᠢᠳᠡᠷ ᠮᠡᠷᠭᠡᠨ》᠂ 《ᠬᠠᠷᠢᠯᠲᠠ ᠦᠭᠡᠢ ᠵᠤᠷᠢᠭᠳᠦ ᠮᠡᠷᠭᠡᠨ》᠂ 《ᠨᠢᠭᠳᠠ ᠬᠢᠴᠢᠶᠡᠩᠭᠦᠢ ᠮᠡᠷᠭᠡᠨ》᠂ 《ᠲᠣᠩ ᠴᠤᠯᠠᠲᠤ ᠮᠡᠷᠬᠡᠨ》᠂ 《ᠬᠤᠷᠴᠠ ᠢᠳᠡᠷ ᠮᠡᠷᠭᠡᠨ》᠂ 《ᠨᠢᠭᠲᠠ ᠢᠳᠡᠷ ᠮᠡᠷᠭᠡᠨ》 ᠭᠡᠬᠦ ᠮᠡᠳᠦ ᠵᠢᠨ ᠴᠣᠯᠠ ᠣᠯᠭᠣᠳᠠᠭ ᠪᠠᠢ᠌ᠭᠰᠠᠨ ᠪᠦᠭᠡᠳ ᠤᠳᠤ ᠰᠤᠷ ᠬᠠᠷᠪᠤᠯᠳᠠ ᠵᠢᠨ ᠴᠤᠯᠠ ᠪᠠ ᠵᠡᠷᠭᠡ ᠵᠢ ᠨᠡᠩ ᠨᠠᠷᠢᠨ ᠲᠤᠳᠤᠷᠬᠠᠢ ᠬᠤᠪᠢᠶᠠᠬᠤ ᠪᠤᠯᠵᠠᠢ᠃ ᠮᠤᠩᠭᠤᠯ ᠤᠯᠤᠰ᠎ᠲᠤ ᠤᠯᠤᠰ᠎ᠤᠨ ᠮᠡᠷᠭᠡᠨ ᠰᠫᠣᠷᠲ᠎ᠤᠨ ᠮᠠᠰᠲ᠋ᠧᠷ᠂ ᠨᠢᠭᠡᠳᠦᠭᠡᠷ ᠬᠤᠶᠠᠳᠤᠭ᠋ᠠᠷ ᠭᠤᠷᠪᠠᠳᠣᠭ᠋ᠠᠷ ᠵᠡᠷᠭᠡ ᠵᠢᠨ ᠴᠤᠯᠠ᠎ᠨᠤᠭᠤᠳ᠎ᠢ á ­á  á ­á ´á   ᠬᠦ᠌ ᠤᠯᠤᠰ᠎ᠤᠨ ᠵᠡᠷᠭᠡ᠎ᠲᠠᠢ ᠰᠢᠬᠦᠭᠴᠢ᠎ᠪᠠᠷ ᠣᠳᠣᠷᠢᠳᠣᠭᠣᠯᠣᠭᠰᠠᠨ ᠤᠯᠤᠰ᠎ᠤᠨ ᠠᠪᠣᠷᠭᠣ ᠰᠢᠯᠭ᠋ᠠᠷᠠᠭᠤᠯᠬᠤ ᠪᠤᠶᠤ ᠤᠯᠤᠰ᠎ᠤᠨ ᠶᠡᠬᠡ ᠪᠠᠶᠠᠷ ᠨᠠᠭ᠋ᠠᠳᠤᠮ᠂ ᠤᠯᠤᠰ᠎ᠤᠨ ᠲᠡᠮᠡᠴᠡᠭᠡᠨ᠎ᠤ ᠰᠣᠷ᠎ᠤᠨ ᠬᠠᠷᠪᠤᠯᠳᠠ ᠡᠬᠢᠯᠡᠬᠦ ᠳᠡᠮᠡᠴᠡᠭᠡᠨ᠂ ᠣᠯᠣᠰ᠎ᠤᠨ ᠰᠣᠷ᠎ᠤᠨ ᠣᠣᠬᠠᠳ ᠬᠠᠷᠪᠤᠯᠳᠠ (ᠬᠠᠭ᠋ᠠᠯᠳᠠ) ᠵᠢᠨ ᠳᠡᠮᠡᠴᠡᠭᠡᠨ᠎ᠨᠦᠭᠦᠳ᠎ᠲᠤ ᠳᠡᠬᠡᠷ᠎ᠡ ᠳᠤᠷᠡᠳᠤᠭᠰᠡᠨ ᠨᠤᠷᠮ᠎ᠠ ᠵᠢᠨ ᠪᠡᠶᠡᠯᠡᠬᠦᠯᠪᠡᠯ ᠪᠡᠶ᠎ᠡ ᠵᠢᠨ ᠲᠠᠮᠢᠷ ᠰᠫᠤᠷᠲ᠎ᠤᠨ ᠲᠦᠪ ᠪᠠᠢ᠌ᠭᠤᠯᠭ᠎ᠠ ᠰᠣᠷ᠎ᠤᠨ ᠬᠣᠯᠪᠣᠭ᠋ᠠᠨ᠎ᠤ ᠲᠣᠳᠣᠷᠬᠠᠢ᠌ᠯᠠᠯᠳᠠ᠎ᠪᠠᠷ ᠤᠯᠭᠤᠳᠠᠭ᠃ ᠠᠢ᠌ᠮᠠᠭ ᠬᠤᠳᠠ ᠵᠢᠨ ᠳᠡᠮᠡᠴᠡᠭᠡᠨ᠎ᠳᠤ ᠳᠡᠭᠡᠷᠡᠬᠢ ᠨᠤᠷᠮ᠎ᠠ ᠵᠢ ᠪᠡᠶᠡᠯᠡᠬᠦᠯᠪᠡᠯ ᠤᠯᠤᠰ᠎ᠤᠨ ᠬᠤᠶᠠᠷ ᠭᠤᠷᠪᠠᠳᠤᠭ᠋ᠠᠷ ᠵᠡᠷᠬᠡ ᠴᠤᠯᠠ ᠠᠢ᠌ᠮᠠᠭ ᠬᠤᠲᠠ ᠵᠢᠨ ᠠᠪᠤᠷᠭᠤ ᠴᠤᠯᠠ ᠣᠯᠭᠣᠲᠠᠭ᠃    
    ᠤᠯᠤᠰ ᠳᠠᠶᠠᠭ᠋ᠠᠷ ᠳᠠᠷᠬᠠᠨ ᠮᠡᠷᠭᠡᠨ     ᠤᠯᠤᠰ᠎ᠤᠨ ᠳᠡᠮᠡᠴᠡᠭᠡᠨ᠎ᠤ ᠳᠠᠷᠠᠭ᠎ᠠ᠎ᠪᠠᠷ ᠭᠤᠷᠪᠠ ᠤᠳᠠᠭ᠎ᠠ ᠲᠦᠷᠦᠭᠦᠯᠡᠭᠰᠡᠨ ᠬᠦᠮᠦᠰ (ᠪᠤᠶᠤ ᠪᠠᠭ)᠎ᠲᠤ ᠣᠯᠣᠰ ᠳᠠᠶᠠᠭ᠋ᠠᠷ ᠳᠠᠷᠬᠠᠨ ᠮᠡᠷᠭᠡᠨ ᠴᠤᠯᠠ᠂ ᠠᠯᠲᠠᠨ ᠮᠧᠳᠡᠯ ᠤᠯᠭᠤᠳᠠᠭ᠃    
    ᠤᠯᠤᠰ᠎ᠤᠨ ᠲᠠᠶᠠᠩ ᠮᠡᠷᠭᠡᠨ     ᠤᠯᠤᠰ᠎ᠤᠨ ᠲᠡᠮᠡᠴᠡᠬᠡᠨ᠎ᠳᠤ ᠳᠠᠷᠠᠭ᠎ᠠ᠎ᠪᠠᠷ ᠪᠤᠰᠤ ᠪᠤᠯᠪᠠᠴᠤ ᠭᠤᠷᠪᠠ ᠤᠳᠠᠭ᠎ᠠ ᠲᠦᠷᠦᠭᠦᠯᠡᠭᠰᠡᠨ ᠬᠦᠮᠦᠰ (ᠪᠤᠶᠤ ᠪᠠᠭ)᠎ᠲᠤ ᠣᠯᠣᠰ᠎ᠤᠨ ᠲᠠᠶᠠᠩ ᠮᠡᠷᠭᠡᠨ ᠴᠣᠯᠠ᠂ ᠠᠯᠲᠠᠨ ᠮᠧᠳᠡᠯ ᠣᠯᠭᠣᠳᠠᠭ᠃    

    ᠣᠯᠣᠰ᠎ᠤᠨ   ᠭᠠᠷᠮᠠᠭ᠋ᠠᠢ ᠮᠡᠷᠭᠡᠨ     ᠤᠯᠤᠰ᠎ᠤᠨ ᠳᠡᠮᠡᠴᠡᠭᠡᠨ᠎ᠳᠤ ᠬᠣᠶᠠᠷ ᠤᠳᠠᠭ᠎ᠠ ᠳᠦᠷᠦᠭᠦᠯᠡᠪᠡᠯ ᠤᠯᠤᠰ᠎ᠤᠨ ᠭᠠᠷᠮᠠᠭ᠋ᠠᠢ ᠮᠡᠷᠭᠡᠨ ᠴᠣᠯᠠ᠂ ᠠᠯᠳᠠᠨ ᠮᠧᠳᠠᠯ ᠤᠯᠭᠤᠳᠠᠭ᠃    
    ᠤᠯᠤᠰ᠎ᠤᠨ ᠮᠡᠷᠭᠡᠨ     ᠤᠯᠤᠰ᠎ᠤᠨ ᠳᠡᠮᠡᠴᠡᠭᠡᠨ᠎ᠳᠤ ᠨᠢᠭᠡ ᠤᠳᠠᠭ᠎ᠠ ᠳᠦᠷᠦᠬᠦᠯᠡᠭᠰᠡᠨ ᠬᠦᠮᠦᠰ᠎ᠲᠤ ᠤᠯᠤᠰ᠎ᠤᠨ ᠮᠡᠷᠭᠡᠨ ᠴᠤᠯᠠ᠂ ᠠᠯᠳᠠᠨ ᠮᠧᠳᠠᠯ ᠤᠯᠭᠤᠳᠠᠭ᠃    
    ᠰᠫᠤᠷᠲ᠎ᠤᠨ ᠮᠠᠰᠲ᠋ᠧᠷ     ᠤᠯᠤᠰ᠎ᠤᠨ ᠲᠡᠮᠡᠴᠡᠭᠡᠨ᠎ᠳᠤ ᠬᠠᠷᠪᠤᠭᠰᠠᠨ ᠰᠤᠮᠤ ᠵᠢᠨ ᠵᠶ᠋ᠡᠨ ᠤᠨᠤᠭ᠎ᠠ᠎ᠪᠠᠷ 70% ᠵᠢᠨ ᠠᠮᠵᠢᠯᠳᠠ ᠦᠵᠡᠭᠦᠯᠦᠭᠰᠡᠨ ᠬᠦᠮᠦᠰ᠎ᠲᠤ ᠰᠫᠤᠷᠲ᠎ᠤᠨ ᠮᠠᠰᠲ᠋ᠧᠷ ᠵᠡᠷᠭᠡ ᠣᠯᠭᠣᠳᠠᠭ᠃    
    ᠨᠢᠭᠢᠳᠦᠭᠡᠷ ᠵᠡᠷᠭᠡ ᠵᠢᠨ ᠰᠤᠷᠴᠢᠨ     ᠤᠯᠤᠰ᠎ᠤᠨ ᠲᠡᠮᠡᠴᠡᠭᠡᠨ᠎ᠳᠤ 60% ᠵᠢᠨ ᠠᠮᠵᠢᠯᠳᠠ ᠦᠵᠡᠭᠦᠯᠦᠭᠰᠡᠨ ᠬᠦᠮᠦᠰ᠎ᠲᠤ ᠨᠢᠭᠡᠳᠦᠭᠡᠷ ᠵᠡᠷᠭᠡ ᠵᠢᠨ ᠰᠤᠷᠴᠢᠨ ᠵᠡᠷᠭᠡ ᠣᠯᠭᠣᠳᠠᠭ᠃    
    ᠬᠤᠶᠠᠳᠤᠭ᠋ᠠᠷ ᠵᠡᠷᠭᠡ ᠵᠢᠨ ᠰᠤᠷᠴᠢᠨ     ᠤᠯᠤᠰ᠎ᠤᠨ ᠲᠡᠮᠡᠴᠡᠭᠡᠨ᠎ᠳᠤ 55% ᠵᠢᠨ ᠠᠮᠵᠢᠯᠲᠠ ᠦᠵᠡᠭᠦᠯᠦᠭᠰᠡᠨ ᠬᠦᠮᠦᠰ᠎ᠲᠤ ᠬᠤᠶᠠᠳᠤᠭ᠋ᠠᠷ ᠵᠡᠷᠭᠡ ᠵᠢᠨ ᠰᠤᠷᠴᠢᠨ ᠵᠡᠷᠭᠡ ᠣᠯᠭᠣᠳᠠᠭ᠃    
    ᠭᠤᠷᠪᠠᠳᠤᠭ᠋ᠠᠷ ᠵᠡᠷᠭᠡ ᠵᠢᠨ ᠰᠤᠷᠴᠢᠨ     ᠤᠯᠤᠰ᠎ᠤᠨ ᠲᠡᠮᠡᠴᠡᠭᠡᠨ᠎ᠳᠤ 50% ᠵᠢᠨ ᠠᠮᠵᠢᠯᠲᠠ ᠦᠵᠡᠭᠦᠯᠦᠭᠰᠡᠨ ᠬᠦᠮᠦᠰ᠎ᠲᠤ ᠭᠤᠷᠪᠠᠳᠤᠭ᠋ᠠᠷ ᠵᠡᠷᠭᠡ ᠵᠢᠨ ᠰᠤᠷᠴᠢᠨ ᠵᠡᠷᠭᠡ ᠣᠯᠭᠣᠳᠠᠭ᠃    
    ᠰᠤᠷ ᠬᠠᠷᠪᠤᠯᠲᠠ ᠵᠢᠨ á ´á ¡á ­á ¡á · ᠶᠤᠰᠤᠨ     ᠰᠤᠷ ᠬᠠᠷᠪᠤᠬᠤ᠎ᠳᠤ ᠬᠤᠯᠪᠤᠭᠳᠠᠬᠤ ᠠᠯᠢ ᠤᠯᠠᠨ ᠬᠣᠷᠢᠭ᠎ᠠ á ´á ¡á ­á ¡á ·á ƒ ᠡᠭᠦᠨ᠎ᠳᠤ ᠨᠤᠮᠤ ᠰᠤᠮᠤ᠎ᠤᠨ ᠳᠡᠭᠡᠭᠦᠷ ᠠᠯᠬᠤᠵᠤ ᠪᠤᠯᠬᠤ ᠦᠭᠡᠢ᠂ ᠨᠤᠬᠠᠢ ᠮᠤᠷᠢᠨ᠎ᠤ ᠵᠦᠭ ᠰᠤᠮᠤ ᠤᠨᠢᠯᠠᠵᠤ ᠪᠤᠯᠬᠤ ᠦᠭᠡᠢ᠂ ᠴᠢᠭᠢᠭ ᠨᠤᠢ᠌ᠳᠠᠨ᠎ᠳᠤ ᠨᠤᠮᠤ᠎ᠪᠠᠨ ᠲᠠᠯᠪᠢᠬᠤ ᠦᠭᠡᠢ᠂ ᠴᠢᠨᠤ ᠮᠢᠨᠤ ᠦᠭᠡᠢ ᠳᠤᠷ᠎ᠠ᠎ᠪᠠᠷ ᠵᠠᠷᠤᠬᠤ ᠦᠭᠡᠢ᠂ ᠠᠢ᠌ᠯ ᠭᠡᠷ᠎ᠲᠤ ᠪᠠᠭᠣᠬᠣ᠎ᠳᠠᠭᠠᠨ ᠠᠬᠠᠰ ᠵᠠᠬᠠᠰ ᠵᠶ᠋ᠡᠨ ᠬᠦᠨᠳᠦᠳᠭᠡᠵᠦ ᠠᠭᠰᠠᠵᠤ ᠡᠭᠦᠷᠦᠭᠰᠡᠨ ᠰᠠᠭ᠋ᠠᠳᠠᠭ ᠵᠶ᠋ᠡᠨ ᠠᠪᠴᠤ ᠲᠠᠯᠪᠢᠳᠠᠭ ᠵᠡᠷᠭᠡ ᠶᠣᠰᠣᠨ ᠪᠣᠢ᠃ ᠰᠣᠷᠴᠢᠳ ᠪᠠᠰᠠ ᠵᠢᠯ á ´á  á ­á ‹á  á ¨ ᠰᠠᠷ᠎ᠠ᠎ᠳᠤ ᠨᠣᠮᠣ ᠰᠣᠮᠣ᠎ᠪᠠᠨ ᠠᠷᠢᠭᠤᠯᠠᠨ ᠲᠠᠬᠢᠳᠠᠭ ᠵᠠᠩᠰᠢᠯ᠎ᠲᠠᠢ᠃ ᠠᠯᠳᠠᠷᠲᠤ ᠰᠣᠷᠴᠢᠨ ᠠᠯᠤᠰ ᠭᠠᠵᠠᠷ᠎ᠤᠨ ᠶᠡᠬᠡ ᠮᠦᠷᠦᠢ᠌ᠴᠡᠭᠡᠨ ᠨᠠᠢ᠌ᠷ᠎ᠲᠤ ᠶᠠᠪᠤᠬᠤ᠎ᠳᠠᠭᠠᠨ ᠰᠢᠳᠦᠭᠡᠨ ᠯᠠᠮᠠ ᠵᠠᠯᠠᠵᠤ ᠠᠭᠤᠯᠠ ᠲᠠᠬᠢᠵᠤ ᠷᠠᠰᠢᠶᠠᠯᠠᠨ ᠪᠡᠶ᠎ᠡ ᠠᠷᠢᠭᠤᠳᠬᠠᠵᠤ ᠮᠤᠷᠳᠤᠳᠠᠭ᠃

ᠢᠷᠡᠯᠲᠡ᠄ ᠮᠤᠩᠭᠤᠯ ᠵᠠᠩ ᠦᠢ᠍ᠯᠡ ᠵᠢᠨ ᠨᠡᠪᠳᠡᠷᠬᠡᠢ ᠲᠤᠯᠢ ᠤᠶᠤᠨ᠎ᠤ ᠪᠤᠳᠢ
          
ᠬᠠᠮᠢᠶ᠎ᠡ ᠪᠦᠬᠦᠢ ᠰᠣᠨᠢᠨ
ᠤᠯᠠᠮᠵᠢᠯᠠᠯᠲᠦ ᠮᠤᠩᠭᠤᠯ ᠪᠦᠭᠡ ᠵᠢᠨ ᠪᠠᠷᠢᠯᠳᠤᠭ᠋ᠠᠨ᠎ᠤ ᠶᠤᠰᠤᠨ
ᠮᠤᠩᠭᠤᠯ ᠰᠢᠳᠠᠷ᠎ᠠ
ᠱᠠᠭ᠎ᠠ ᠲᠤᠬᠯᠠᠭ᠋ᠠᠮ᠎ᠤᠨ ᠶᠤᠰᠤ ᠲᠥᠷᠢᠮ
ᠮᠤᠩᠭᠤᠯ ᠦᠨᠳᠦᠰᠦᠳᠡᠨ᠎ᠤ ᠱᠠᠭ᠎ᠠ ᠲᠣᠭᠯᠠᠭ᠋ᠠᠮ᠎ᠤᠳ
ᠠᠷᠭ᠋ᠠᠢ ᠬᠠᠷᠪᠤᠬᠤ ᠨᠠᠭ᠋ᠠᠳᠤᠮ
 
            