ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠲᠦᠷᠦᠯ ᠵᠦᠢᠯ
ᠮᠤᠷᠢ ᠤᠷᠤᠯᠳᠤᠬᠤ
ᠨᠡᠶ᠋ᠢᠲᠡᠯᠡᠭᠰᠡᠨ ᠴᠠᠭ᠄ 2019-01-02

    ᠮᠤᠷᠢ ᠤᠷᠤᠯᠳᠤᠬᠤ ᠪᠤᠯ 《ᠡᠷ᠎ᠡ ᠵᠢᠨ ᠭᠤᠷᠪᠠᠨ ᠨᠠᠭ᠋ᠠᠳᠤᠮ》᠎ᠤᠨ ᠨᠢᠭᠡ ᠵᠦᠢ᠍ᠯ᠎ᠨᠢ ᠪᠤᠯᠬᠤ ᠶᠤᠮ᠃ ᠵᠢᠷᠤᠭ᠎ᠠ ᠮᠤᠷᠢ ᠤᠷᠤᠯᠳᠤᠬᠤ᠂ ᠠᠵᠢᠷᠭ᠎ᠠ᠂ ᠦᠷᠢᠶ᠎ᠡ᠂ ᠲᠠᠭ᠎ᠠ ᠤᠷᠤᠯᠳᠤᠬᠤ᠂ ᠡᠮᠨᠢᠭ ᠰᠤᠷᠭ᠋ᠠᠬᠤ᠂ ᠮᠤᠷᠢ᠎ᠪᠠᠷ ᠠᠡᠭᠨᠠᠬᠤ᠂ ᠮᠤᠷᠢᠨ ᠲᠡᠭᠡᠷ᠎ᠡ᠎ᠠᠴᠠ ᠬᠠᠷᠪᠤᠵᠦ ᠨᠠᠮᠨᠠᠬᠤ᠂ ᠮᠤᠷᠢᠨ ᠲᠡᠭᠡᠷ᠎ᠡ ᠰᠡᠯᠡᠮ᠎ᠡ ᠡᠷᠭᠢᠭᠦᠯᠬᠦ᠂ ᠴᠢᠯᠠᠭᠤ ᠰᠢᠳᠡᠬᠦ ᠪᠤᠯ ᠤᠤᠯ᠎ᠠᠴᠠ᠎ᠪᠠᠨ ᠮᠤᠷᠢᠨ ᠨᠢᠷᠤᠭᠤᠨ ᠲᠡᠭᠡᠷ᠎ᠡ ᠦᠰᠴᠦ ᠠᠮᠢᠳᠤᠷᠠᠬᠰᠠᠨ ᠮᠤᠡᠭᠭᠤᠯᠴᠤᠳ᠎ᠤᠨ ᠠᠪᠢᠶᠠᠰ ᠴᠢᠳᠠᠪᠤᠷᠢ᠎ᠨᠢ ᠶᠤᠮ᠃ ᠡᠨᠡ᠎ᠨᠢ ᠠᠭ᠋ᠠᠵᠢᠮ ᠵᠶ᠋ᠠᠷ ᠬᠦᠭᠵᠢᠭᠰᠡᠭᠡᠷ ᠰᠡᠭᠦᠯᠳᠡᠵᠦ ᠮᠤᠷᠢᠨ ᠮᠡᠷᠭᠡᠵᠢᠯᠲᠡᠨ ᠴᠤᠯᠭᠤᠷᠠᠨ á ­á  á ·á ´á ¦ ᠮᠤᠷᠢᠨ ᠲᠡᠭᠡᠷ᠎ᠡ ᠲᠤᠯᠤᠭ᠋ᠠᠢ᠎ᠪᠠᠷ ᠵᠶ᠋ᠠᠨ ᠵᠤᠬᠰᠤᠵᠦ ᠤᠷᠤᠯᠳᠤᠬᠤ᠂ ᠬᠡᠳᠦᠨ ᠬᠦᠮᠦᠨ ᠨᠢᠭᠡ ᠮᠤᠷᠢ ᠤᠨᠤᠵᠦ ᠤᠷᠤᠯᠳᠤᠬᠤ᠂ ᠨᠢᠭᠡ ᠬᠦᠮᠦᠨ ᠬᠤᠶᠠᠷ ᠮᠤᠷᠢᠨ ᠨᠢᠷᠤᠭᠤᠨ ᠲᠡᠭᠡᠷ᠎ᠡ ᠵᠤᠬᠰᠤᠵᠦ ᠤᠷᠤᠯᠳᠤᠬᠤ᠂ ᠮᠤᠷᠢᠨ ᠴᠡᠷᠢᠭ᠎ᠤᠨ ᠪᠤᠯᠪᠠᠰᠤᠷᠠᠯ ᠬᠢᠬᠦ᠂ ᠮᠤᠷᠢᠨ ᠪᠦᠮᠪᠦᠭᠡ ᠤᠷᠤᠯᠳᠤᠬᠤ ᠵᠡᠷᠭᠡ ᠤᠷᠤᠯᠳᠤᠭ᠋ᠠᠨ ᠨᠠᠭ᠋ᠠᠳᠤᠮ ᠡᠭᠦᠰᠦᠭᠰᠡᠨ ᠪᠠᠶ᠋ᠢᠨ᠎ᠠ᠃ ᠡᠨᠡ ᠲᠤᠬᠠᠢ 《ᠶᠤᠧᠠᠨ ᠤᠯᠤᠰ᠎ᠤᠨ ᠲᠡᠤᠬᠡ》᠎ᠳᠤ 《ᠮᠤᠡᠭᠭᠤᠯ ᠦᠨᠳᠦᠰᠦᠲᠡᠨ ᠢᠨᠤ ᠡᠶ᠋ᠢᠨᠬᠦ ᠢᠵᠠᠭᠤᠷ᠎ᠠᠴᠠ᠎ᠪᠠᠨ ᠬᠠᠷᠪᠤᠵᠦ ᠨᠠᠮᠨᠠᠬᠤ᠎ᠳᠤᠷ ᠰᠤᠷᠮᠠᠭ᠋ᠠᠢ ᠵᠠᠡᠭᠰᠢᠯ᠎ᠲᠠᠢ ᠵᠢᠨ ᠤᠴᠢᠷ ᠲᠡᠯᠡᠬᠡᠢ ᠳ᠋ᠠᠬᠢᠨ᠎ᠢ ᠠᠨᠤ ᠬᠤᠷ ᠰᠠᠭ᠋ᠠᠳᠠᠬ ᠬᠤᠷᠳᠤᠨ ᠬᠦᠯᠦᠭ ᠵᠶ᠋ᠠᠷ ᠡᠪᠭᠡᠭᠰᠡᠨ ᠁》 ᠭᠡᠵᠡᠢ᠃
    ᠮᠤᠷᠢ ᠤᠷᠤᠯᠳᠤᠬᠤ᠎ᠳᠤ ᠲᠤᠭ᠋ᠠᠨ᠎ᠤ ᠬᠢᠵᠠᠭ᠋ᠠᠷ ᠦᠭᠡᠢ᠂ ᠤᠷᠤᠯᠳᠤᠭ᠋ᠠᠨ ᠡᠬᠢᠯᠡᠬᠦ ᠦᠶ᠎ᠡ ᠨᠠᠭ᠋ᠠᠳᠤᠮ᠎ᠤᠨ ᠲᠠᠯᠠᠪᠠᠢ ᠬᠦᠮᠦᠨ ᠤᠯᠠᠨ᠎ᠲᠠᠢ ᠭᠠᠵᠠᠷ᠎ᠠᠴᠠ ᠰᠢᠯᠵᠢᠵᠦ ᠠᠭᠤᠳᠠᠮ ᠲᠠᠯ᠎ᠠ ᠪᠤᠶᠤ ᠶᠠᠮᠠᠷ ᠨᠢᠭᠡᠨ ᠳᠤᠪᠤᠷᠬᠠᠬ ᠭᠠᠵᠠᠷ᠎ᠢ ᠰᠤᠡᠭᠭᠤᠨ ᠬᠢᠳᠡᠭ᠂ ᠬᠡᠷᠪᠡ ᠲᠦᠴᠢᠨ ᠭᠠᠵᠠᠷ᠎ᠤᠨ ᠦᠵᠦᠭᠦᠷ᠎ᠠᠴᠠ ᠮᠤᠷᠢ ᠲᠠᠯᠪᠢᠬᠤ᠎ᠪᠠᠷ ᠪᠤᠳᠤᠪᠠᠯ ᠲᠡᠨᠳᠡ ᠤᠷᠤᠯᠳᠤᠬ᠍ᠴᠢ ᠪᠠ ᠮᠤᠷᠢ ᠬᠢᠨᠠᠬ᠍ᠴᠢ᠎ᠠᠴᠠ ᠤᠷᠤᠯᠳᠤᠭ᠋ᠠᠨ᠎ᠤ ᠮᠤᠷᠢ ᠪᠠ ᠤᠨᠤᠬᠰᠠᠳ᠎ᠢ ᠨᠠᠷᠢᠨ ᠪᠠᠶ᠋ᠢᠴᠠᠭ᠋ᠠᠵᠦ ᠲᠢᠬ ᠲᠠᠬ ᠲᠡᠳᠡᠨᠦᠰ᠎ᠢ ᠨᠠᠭ᠋ᠠᠳᠤᠮ᠎ᠤᠨ ᠲᠠᠯᠠᠪᠠᠢ ᠵᠦᠭ ᠡᠡᠭᠨᠡᠷᠡᠭᠦᠯᠦᠨ ᠵᠢᠬᠰᠠᠭ᠋ᠠᠵᠦ᠂ ᠲᠤᠬ ᠳᠠᠯᠪᠠᠭ᠎ᠠ ᠬᠤᠷᠤᠶ᠋ᠢᠯᠠᠬᠤ ᠪᠤᠶᠤ ᠶᠠᠮᠠᠷ ᠨᠢᠭᠡᠨ ᠳᠤᠬᠢᠶ᠎ᠠ ᠦᠭᠬᠦ᠎ᠳᠤ ᠲᠡᠳᠡᠭᠡᠷ ᠤᠷᠤᠯᠳᠤᠬᠰᠠᠳ ᠲᠤᠭᠤᠰᠤ ᠲᠠᠳᠠᠭᠤᠯᠤᠨ ᠰᠤᠮᠤᠳᠠᠵᠦ ᠭᠠᠷᠳᠠᠬ᠃ ᠤᠷᠤᠯᠳᠤᠭ᠋ᠠᠨ ᠡᠬᠢᠯᠡᠮᠡᠭᠴᠡ ᠵᠠᠮ᠎ᠤᠨ ᠲᠠᠭ᠋ᠠᠤ ᠬᠤᠶᠠᠷ ᠲᠠᠯ᠎ᠠ᠎ᠪᠠᠷ ᠤᠷᠤᠯᠳᠤᠵᠦ ᠢᠷᠡᠬᠦ ᠮᠤᠷᠢᠳ᠎ᠢ ᠬᠠᠰᠢᠵᠦ ᠵᠢᠯᠤᠭᠤᠳᠬᠤ ᠬᠦᠴᠦ ᠨᠡᠮᠡᠬᠦ ᠵᠡᠷᠭᠡ ᠬᠦᠮᠦᠰ ᠲᠤᠰ ᠲᠤᠰ ᠮᠤᠷᠢ ᠤᠨᠤᠵᠦ᠂ ᠲᠠᠮ ᠲᠠᠮ ᠲᠤᠰᠴᠦ ᠤᠷᠤᠯᠳᠤᠭ᠋ᠠᠨ᠎ᠤ ᠮᠤᠷᠢᠳ᠎ᠤᠨ ᠲᠡᠷᠢᠭᠦᠨ ᠲᠡᠳ᠋ ᠭᠤᠳᠠᠭ᠋ᠠᠷ ᠭᠡᠮᠡᠨ ᠲᠤᠰ ᠲᠤᠰ ᠤᠬᠳᠤᠵᠦ ᠬᠢᠨᠠᠨ᠂ ᠨᠠᠭ᠋ᠠᠳᠤᠮ᠎ᠤᠨ ᠲᠠᠯᠠᠪᠠᠢ ᠵᠦᠭ ᠤᠳᠤᠷᠢᠳᠬᠤ ᠬᠦᠮᠦᠰ ᠪᠤᠢ᠃ ᠭᠡᠪᠡᠴᠦ ᠡᠳᠡᠭᠡᠷ ᠬᠦᠮᠦᠰ ᠵᠦᠪᠬᠡᠨ ᠦᠪᠡᠷ ᠦᠪᠡᠷ᠎ᠤᠨ ᠨᠤᠬᠳᠠᠬᠰᠠᠨ ᠳ᠋ᠤᠭ᠋ᠠᠷ ᠲᠤᠭ᠋ᠠᠳᠦ ᠬᠦᠮᠦᠨ ᠮᠤᠷᠢᠳ ᠵᠶ᠋ᠠᠨ ᠵᠠᠯᠭ᠋ᠠᠨ ᠲᠠᠮᠵᠢᠵᠦ ᠤᠳᠤᠷᠢᠳᠬᠤ᠎ᠠᠴᠠ ᠪᠢᠰᠢ᠂ ᠪᠤᠰᠤᠳ᠎ᠤᠨ ᠤᠷᠤᠯᠳᠤᠵᠦ ᠪᠦᠬᠦᠢ ᠮᠤᠷᠢ ᠵᠢ ᠬᠠᠰᠢᠵᠦ ᠰᠠᠭ᠋ᠠᠳᠠᠭ᠋ᠠᠵᠦ ᠪᠤᠯᠳᠠᠬ ᠦᠭᠡᠢ᠃
    ᠠᠯᠤᠰ᠎ᠤᠨ ᠪᠠᠷ᠎ᠠ᠎ᠳᠤ ᠮᠤᠷᠢᠨ᠎ᠤ ᠲᠤᠭᠤᠰᠤ ᠦᠵᠡᠭᠳᠡᠬᠦ᠎ᠲᠠᠢ ᠵᠡᠷᠭᠡ ᠨᠠᠭ᠋ᠠᠳᠤᠮ᠎ᠤᠨ ᠲᠠᠯᠠᠪᠠᠢ ᠨᠡᠶ᠋ᠢᠳᠡᠮ ᠬᠦᠷ ᠬᠦᠭᠵᠢᠶᠡᠨ ᠵᠶ᠋ᠠᠷ ᠪᠢᠯᠬᠠᠵᠦ᠂ ᠭ᠋ᠱ᠌ᠡᠨ ᠵᠠᠭᠤᠷ᠎ᠠ ᠬᠡᠨ ᠬᠡᠨ᠎ᠤ ᠶᠠᠮᠠᠷ ᠮᠤᠷᠢ ᠲᠡᠷᠢᠭᠦᠯᠡᠵᠦ ᠲᠡᠳ᠋ᠯᠡᠬᠦ ᠵᠢ ᠵᠢᠱ᠌ᠢᠵᠦ ᠲᠠᠭ᠋ᠠᠮᠠᠬᠯᠠᠨ ᠶᠡᠬᠡᠳᠡ ᠬᠦᠭᠵᠢᠶᠡᠨ ᠲᠡᠪᠵᠢᠶᠡᠨ ᠪᠤᠯᠳᠠᠬ᠃ ᠡᠨᠡ ᠦᠶ᠎ᠡ᠎ᠳᠤ ᠨᠠᠶ᠋ᠢᠷ᠎ᠤᠨ ᠡᠷᠬᠢᠯᠡᠭᠴᠢ ᠪᠤᠶᠤ ᠤᠷᠤᠯᠳᠤᠭ᠋ᠠᠨ ᠬᠠᠮᠢᠶᠠᠷᠤᠬ᠍ᠴᠢ᠎ᠠᠴᠠ ᠲᠤᠰᠬᠠᠶ᠋ᠢᠯᠠᠨ ᠦᠭᠡ ᠬᠡᠯᠡᠨ᠎ᠳᠡᠭᠡᠨ ᠠᠪᠢᠶᠠᠰ᠎ᠲᠠᠢ ᠨᠡᠷ᠎ᠡ ᠬᠦᠨᠳᠦᠳᠦ ᠢᠷᠦᠭᠡᠯᠴᠢ ᠨᠠᠷ᠎ᠢ ᠵᠠᠯᠠᠬᠰᠠᠨ ᠪᠠᠶ᠋ᠢᠳᠠᠬ᠃ ᠲᠡᠳᠡ ᠮᠤᠷᠢᠨ᠎ᠳᠠᠭᠠᠨ ᠮᠤᠷᠳᠠᠵᠦ ᠵᠡᠭᠦᠨ ᠭᠠᠷ᠎ᠲᠠᠭᠠᠨ ᠬᠠᠳᠠᠬ᠎ᠲᠠᠢ ᠮᠦᠡᠭᠭᠦᠨ ᠠᠶᠠᠭ᠋ᠠᠨ᠎ᠳᠤ ᠠᠶ᠋ᠢᠷᠠᠬ á °á ¦ ᠵᠢ ᠮᠡᠯᠮᠡᠯᠵᠡᠲᠡᠯ᠎ᠡ ᠬᠢᠵᠦ ᠡᠷᠭᠦᠭᠡᠳ ᠪᠠᠷᠠᠭᠤᠨ á ­á  á · ᠵᠶ᠋ᠠᠨ ᠲᠠᠰᠢᠶ᠎ᠠ ᠲᠡᠭᠡᠷ᠎ᠡ᠎ᠪᠠᠨ ᠲᠤᠯᠵᠦ ᠤᠳᠠᠯ ᠦᠭᠡᠢ ᠢᠷᠡᠬᠦ ᠭᠡᠵᠦ ᠪᠠᠶ᠋ᠢᠭ᠎ᠠ ᠮᠤᠷᠢᠳ᠎ᠢ ᠬᠡᠷᠬᠢᠨ ᠢᠷᠦᠭᠡᠵᠦ ᠮᠠᠬᠳᠠᠵᠦ᠂ ᠮᠢᠯᠢᠶᠡᠵᠦ ᠲᠦᠭᠡᠭᠡᠯᠡᠬᠦ᠎ᠪᠠᠨ ᠪᠠᠵᠠᠭ᠋ᠠᠵᠦ ᠵᠤᠬᠰᠤᠨ᠎ᠠ᠃
    ᠤᠷᠤᠯᠳᠤᠭ᠋ᠠᠨ᠎ᠤ ᠮᠤᠷᠢᠨ᠎ᠳᠤ ᠬᠠᠵᠠᠭ᠋ᠠᠷ ᠨᠤᠬᠳᠦ ᠪᠠᠶ᠋ᠢᠬᠤ᠎ᠠᠴᠠ ᠭᠠᠳᠠᠨ᠎ᠠ ᠨᠢᠮᠬᠡᠨ ᠰᠢᠷᠳᠡᠭ ᠲᠠᠳᠠᠬᠰᠠᠨ ᠪᠠᠶ᠋ᠢᠳᠠᠬ᠃ ᠤᠯᠠᠡᠭᠬᠢ᠎ᠳᠠᠭᠠᠨ ᠴᠦᠮ ᠵᠠᠶ᠋ᠢᠳᠠᠡᠭ ᠤᠨᠤᠳᠠᠬ᠃ ᠤᠨᠤᠬᠰᠠᠳ᠎ᠨᠢ ᠠᠷᠪᠠᠭ᠋ᠠᠳ ᠨᠠᠰᠤᠨ᠎ᠤ ᠬᠦᠡᠭᠬᠡᠨ ᠱᠠᠯᠠᠮᠠᠭ᠋ᠠᠢ ᠪᠦᠰᠡᠲᠡᠢ ᠪᠦᠰᠡᠭᠦᠢ ᠪᠠᠭ᠋ᠠᠴᠤᠳ ᠪᠠᠶ᠋ᠢᠳᠠᠬ ᠪᠦᠭᠡᠳ ᠲᠤᠯᠤᠭ᠋ᠠᠢ᠎ᠪᠠᠨ ᠦᠡᠭᠭᠡ ᠵᠢᠨ ᠰᠠᠶ᠋ᠢᠬᠠᠨ ᠲᠤᠷᠭ᠎ᠠ ᠲᠤᠷᠳᠤᠡᠭ ᠵᠶ᠋ᠠᠷ ᠤᠷᠢᠶᠠᠨ ᠭᠤᠶᠤᠯᠠᠬᠰᠠᠨ ᠪᠠᠶ᠋ᠢᠨ᠎ᠠ᠃ ᠮᠤᠷᠢᠨ᠎ᠤ ᠮᠠᠡᠭᠨᠠᠢ᠎ᠳᠤ ᠴᠦ᠍ ᠤᠯᠠᠭ᠋ᠠᠨ ᠨᠤᠭᠤᠭ᠋ᠠᠨ ᠦᠡᠭᠭᠡ ᠵᠢᠨ ᠲᠤᠷᠭ᠎ᠠ ᠫᠠᠡᠭᠰᠠᠨ᠎ᠤ ᠦᠭᠡᠳᠡᠰᠦ ᠨᠠᠪᠰᠠᠯᠵᠠᠭᠤᠯᠤᠨ ᠴᠢᠮᠡᠭᠰᠡᠨ ᠲᠤᠯᠠ ᠬᠤᠯᠠ᠎ᠠᠴᠠ ᠬᠠᠷᠠᠬᠤ᠎ᠳᠤ ᠰᠠᠯᠬᠢᠨ᠎ᠤ á  á ¶á  á ° ᠵᠶ᠋ᠠᠷ ᠲᠠᠷᠪᠠᠯᠵᠠᠨ ᠰᠤᠯᠤᠡᠭᠭ᠋ᠠᠷᠠᠵᠦ ᠦᠵᠡᠭᠳᠡᠳᠡᠭ᠃
    ᠰᠤᠪᠤᠷᠠᠵᠦ ᠰᠢᠯᠭ᠋ᠠᠷᠠᠨ ᠭᠠᠷᠤᠬᠰᠠᠨ ᠮᠤᠷᠢᠳ᠎ᠨᠢ ᠨᠢᠭᠡ᠎ᠨᠢ ᠨᠦᠭᠦᠭᠡ᠎ᠪᠠᠨ ᠲᠠᠭ᠋ᠠᠷᠢᠵᠦ ᠭᠠᠷᠬᠤ᠎ᠳᠤ ᠡᠷᠬᠡᠪᠰᠢ ᠲᠦᠷᠦᠭᠦᠦ ᠮᠤᠷᠢᠨ᠎ᠤ ᠵᠦᠪ ᠲᠠᠯ᠎ᠠ᠎ᠪᠠᠷ ᠲᠠᠭ᠋ᠠᠷᠢᠵᠦ ᠭᠠᠷᠳᠠᠬ ᠲᠦᠷᠢᠮ᠎ᠲᠠᠢ᠃ ᠤᠴᠢᠷ᠎ᠨᠢ ᠬᠡᠷᠪᠡ ᠪᠤᠷᠤᠭᠤ ᠲᠠᠯ᠎ᠠ᠎ᠪᠠᠷ᠎ᠨᠢ ᠲᠠᠭ᠋ᠠᠷᠢᠵᠦ ᠭᠠᠷᠬᠤ᠎ᠳᠤ ᠬᠦᠷᠪᠡᠯ ᠡᠮᠦᠨ᠎ᠡ ᠶᠠᠪᠤᠭ᠎ᠠ ᠮᠤᠷᠢᠨ᠎ᠤ ᠭᠦᠶᠦᠯᠭᠡᠭᠴᠢ ᠲᠠᠰᠢᠭᠤᠷ ᠵᠶ᠋ᠠᠷ ᠵᠶ᠋ᠠᠨ ᠮᠤᠷᠢ᠎ᠪᠠᠨ ᠭᠤᠶᠠᠳᠠᠬᠤ ᠮᠠᠶᠢᠬ á ­á  á ·á ­á ‹á  á ¨ ᠲᠠᠭ᠋ᠠᠷᠢᠵᠦ ᠭᠠᠷᠬᠤ ᠮᠤᠷᠢᠨ ᠲᠤᠯᠤᠭ᠋ᠠᠢ ᠤᠷᠤᠭᠤ ᠭᠤᠶᠠᠳᠠᠬᠤ ᠪᠤᠯᠤᠯᠴᠠᠭ᠎ᠠ ᠪᠤᠢ᠃ ᠡᠨᠡ ᠦᠵᠡᠭᠳᠡᠯ᠎ᠢ ᠬᠢᠨᠠᠬ᠍ᠴᠢ ᠬᠠᠮᠢᠶᠠᠷᠬᠤ ᠦᠭᠡᠢ ᠶᠤᠮ᠃ ᠬᠡᠷᠪᠡ ᠮᠦᠨ ᠵᠦᠪ ᠲᠠᠯ᠎ᠠ᠎ᠪᠠᠷ ᠲᠠᠭ᠋ᠠᠷᠢᠵᠦ ᠭᠠᠷᠬᠤ ᠮᠤᠷᠢᠨ ᠲᠤᠯᠤᠭ᠋ᠠᠢ ᠤᠷᠤᠭᠤ ᠭᠤᠶᠠᠳᠠᠪᠠᠯ ᠬᠢᠨᠠᠬ᠍ᠴᠢ᠎ᠠᠴᠠ ᠵᠤᠷᠢᠯᠭ᠎ᠠ᠎ᠲᠠᠢ ᠭᠤᠶᠠᠳᠠᠬᠰᠠᠨ ᠵᠶ᠋ᠠᠷ ᠰᠢᠳᠭᠡᠳᠡᠭ ᠶᠤᠮ᠃ ᠶᠠᠭ᠋ᠠᠬᠢᠭ᠋ᠠᠳ ᠭᠡᠪᠡᠯ ᠮᠤᠷᠢ ᠤᠨᠤᠳᠠᠬ ᠬᠦᠮᠦᠨ ᠪᠦᠷ ᠵᠡᠭᠦᠨ á ­á  á · ᠵᠶ᠋ᠠᠷ ᠵᠶ᠋ᠠᠨ ᠵᠢᠯᠤᠭᠤ᠎ᠪᠠᠨ ᠪᠠᠷᠢᠵᠦ ᠪᠠᠷᠠᠭᠤᠨ ᠭᠠᠷ᠎ᠲᠠᠭᠠᠨ ᠲᠠᠰᠢᠭᠤᠷ ᠪᠠᠷᠢᠵᠦ ᠪᠠᠶ᠋ᠢᠳᠠᠬ᠎ᠠᠴᠠ ᠪᠠᠷᠠᠭᠤᠨ á ­á  á · ᠵᠶ᠋ᠠᠷ ᠵᠶ᠋ᠠᠨ ᠮᠤᠷᠢᠨ᠎ᠤ ᠵᠡᠭᠦᠨ ᠤᠮᠤᠷᠤᠤ ᠭᠤᠶ᠎ᠠ ᠤᠷᠤᠭᠤ ᠭᠤᠶᠠᠳᠠᠬᠤ á ¡á ª ᠬᠠᠪᠤ ᠦᠭᠡᠢ ᠶᠤᠮ᠃
    ᠤᠷᠤᠯᠳᠤᠭ᠋ᠠᠨ ᠡᠬᠢᠯᠡᠭᠡᠳ ᠮᠤᠷᠢᠨ᠎ᠤ ᠲᠡᠷᠢᠭᠦᠨ ᠤᠷᠤᠵᠦ ᠢᠷᠡᠬᠦ ᠦᠶ᠎ᠡ ᠢᠷᠦᠭᠡᠯᠴᠢᠳ ᠤᠬᠳᠤᠨ ᠤᠴᠢᠵᠦ ᠵᠤᠤᠵᠠᠶ᠋ᠢᠳᠠᠨ ᠲᠤᠭᠤᠷᠢᠭᠤᠯᠵᠦ ᠤᠨᠤᠬᠰᠠᠨ ᠡᠵᠡᠨ᠎ᠠᠴᠠ᠎ᠨᠢ ᠡᠬᠢᠯᠡᠭᠦᠯᠦᠨ ᠠᠶ᠋ᠢᠷᠠᠬ ᠲᠠᠷᠠᠬ ᠵᠶ᠋ᠠᠷ ᠮᠢᠯᠢᠶᠠᠵᠦ 《ᠲᠡᠷᠢᠭᠦᠨ ᠠᠵᠢᠷᠭ᠋ᠠᠨ᠎ᠤ ᠴᠤᠯᠠ》᠂ 《ᠲᠡᠷᠢᠭᠦᠨ ᠮᠤᠷᠢᠨ᠎ᠤ ᠴᠤᠯᠠ》 (ᠠᠵᠢᠨᠠᠢ ᠬᠦᠯᠦᠭ)᠂ 《ᠲᠡᠳ᠋ ᠮᠤᠷᠢᠨ᠎ᠤ ᠴᠤᠯᠠ (ᠪᠢᠯᠢᠭ᠎ᠤᠨ ᠬᠡᠭᠡᠷ)》᠂ 《ᠭᠤᠳᠠᠭ᠋ᠠᠷ ᠮᠤᠷᠢᠨ᠎ᠤ ᠴᠤᠯᠠ (ᠨᠠᠷᠠᠨ ᠮᠠᠨᠳᠤᠯ)》᠂ 《ᠳᠦᠳᠦᠭᠡᠷ ᠮᠤᠷᠢᠨ᠎ᠤ ᠴᠤᠯᠠ (ᠨᠠᠴᠢᠨ ᠱᠤᠡᠭᠬᠤᠷ)》᠂ 《ᠲᠠᠪᠤᠳᠤᠭ᠋ᠠᠷ ᠮᠤᠷᠢᠨ᠎ᠤ ᠴᠤᠯᠠ (ᠢᠳᠡᠷ ᠵᠠᠭ᠋ᠠᠨ)》᠂ 《ᠵᠢᠷᠭᠤᠳᠤᠭ᠋ᠠᠷ ᠮᠤᠷᠢᠨ᠎ᠤ ᠴᠤᠯᠠ (ᠬᠦᠷᠡᠡᠭ ᠪᠦᠷᠭᠦᠳ)》᠂ 《ᠳᠤᠯᠤᠳᠤᠭ᠋ᠠᠷ ᠮᠤᠷᠢᠨ᠎ᠤ ᠴᠤᠯᠠ (ᠬᠦᠬᠡ ᠠᠷᠰᠯᠠᠨ)》᠂ 《ᠨᠠᠢ᠍ᠮᠠᠳᠤᠭ᠋ᠠᠷ ᠮᠤᠷᠢᠨ᠎ᠤ ᠴᠤᠯᠠ (ᠵᠢᠷᠭ᠋ᠠᠯ)》᠂ 《ᠠᠳᠠᠬ ᠮᠤᠷᠢᠨ᠎ᠤ ᠢᠷᠦᠭᠡᠯ》 ᠭᠡᠮᠡᠨ ᠨᠢᠭᠡᠳ ᠨᠢᠭᠡ᠎ᠪᠠᠷ ᠲᠡᠰ ᠲᠠᠷᠠᠭ᠋ᠠᠯᠠᠭᠤᠯᠤᠨ ᠢᠷᠦᠭᠡᠵᠦ᠂ ᠬᠦᠮᠦᠨ ᠡᠵᠡᠨ᠎ᠠᠴᠠ᠎ᠨᠢ ᠠᠪᠤᠭ᠋ᠠᠳ ᠬᠦᠯᠦᠭ ᠮᠤᠷᠢᠨ᠎ᠤ ᠬᠢᠨᠢ ᠦᠡᠭᠭᠡ ᠵᠢᠰᠦ᠂ ᠰᠢᠨᠵᠢ ᠪᠠᠶ᠋ᠢᠳᠠᠯ᠂ ᠬᠦᠴᠦᠨ ᠴᠢᠳᠠᠯ᠎ᠢ ᠲᠦᠷᠰᠦᠯᠢᠭ ᠰᠠᠶ᠋ᠢᠬᠠᠨ ᠮᠠᠬᠳᠠᠵᠦ᠂ ᠲᠡᠷᠡᠴᠢᠯᠡᠨ ᠵᠢᠷᠤᠭ᠎ᠠ ᠮᠤᠷᠢ ᠤᠷᠤᠯᠳᠤᠬᠰᠠᠳ᠎ᠤᠨ ᠡᠮᠡᠭᠡᠯ ᠲᠤᠬᠤᠮ᠂ ᠭᠠᠨᠵᠤᠭ᠎ᠠ ᠳᠦᠷᠦᠭᠡ᠂ ᠨᠤᠬᠳᠦ ᠬᠠᠵᠠᠭ᠋ᠠᠷ ᠬᠦᠷᠳᠡᠯ᠎ᠡ ᠦᠯᠡᠳᠡᠭᠡᠯ ᠦᠭᠡᠢ ᠮᠠᠬᠳᠠᠨ ᠢᠷᠦᠭᠡᠳᠡᠭ ᠪᠠᠶ᠋ᠢᠨ᠎ᠠ᠃
    ᠵᠢᠷᠤᠭ᠎ᠠ ᠮᠤᠷᠢ ᠤᠷᠤᠯᠳᠤᠬᠤ᠎ᠳᠤ ᠡᠡᠭ᠎ᠳᠡᠭᠡᠨ ᠲᠠᠪᠤ ᠠᠷᠪᠠᠨ ᠭᠠᠵᠠᠷ᠎ᠤᠨ ᠦᠵᠦᠭᠦᠷ᠎ᠠᠴᠠ ᠲᠠᠯᠪᠢᠳᠠᠬ᠃ ᠡᠭᠦᠨ᠎ᠳᠤ ᠤᠯᠠᠡᠭᠬᠢ᠎ᠨᠢ ᠡᠪᠦᠭᠡᠳ ᠢᠳᠡᠷᠴᠤᠳ ᠪᠠᠶ᠋ᠢᠵᠦ ᠲᠠᠯᠮᠠᠨ ᠵᠢᠷᠤᠭ᠋ᠠᠯᠠᠭᠤᠯᠵᠦ ᠴᠢᠳᠠᠬᠤ ᠤᠷ᠎ᠠ ᠡᠷᠳᠡᠮ᠎ᠲᠠᠢ ᠬᠦᠮᠦᠰ ᠪᠠᠶ᠋ᠢᠳᠠᠬ ᠪᠦᠭᠡᠳ ᠲᠡᠳᠡ ᠤᠨᠤᠬᠤ ᠮᠤᠷᠢ᠎ᠪᠠᠨ ᠪᠦᠷᠢᠨ ᠬᠦᠢ᠍ᠴᠡᠳ ᠡᠮᠡᠭᠡᠯᠯᠡᠵᠦ ᠲᠤᠬᠤᠮᠯᠠᠭ᠋ᠠᠳ ᠭᠤᠶᠤ ᠰᠠᠶ᠋ᠢᠬᠠᠨ ᠴᠢᠮᠡᠵᠦ ᠵᠠᠰᠠᠬᠰᠠᠨ ᠪᠠᠶ᠋ᠢᠳᠠᠬ᠃ ᠵᠢᠷᠤᠭ᠎ᠠ ᠮᠤᠷᠢ ᠪᠤᠯ ᠭᠤᠤᠯᠳᠠᠭᠤ ᠲᠡᠭᠦᠨ᠎ᠤ ᠬᠦᠯ᠎ᠤᠨ ᠡᠷᠳᠡᠮ ᠵᠶ᠋ᠠᠨ ᠬᠢᠷᠢ ᠵᠡᠷᠭᠡ ᠭᠠᠶ᠋ᠢᠬᠠᠭᠤᠯᠵᠦ ᠪᠠᠶ᠋ᠢᠬᠤ ᠵᠢ ᠰᠢᠯᠭ᠋ᠠᠬᠤ᠎ᠪᠠᠷ ᠦᠯᠦ ᠪᠠᠷᠠᠮ ᠬᠤᠷᠳᠤᠴᠠ ᠵᠢᠨ ᠲᠠᠯ᠎ᠠ᠎ᠪᠠᠷ ᠴᠦ᠍ ᠱᠠᠭ᠋ᠠᠷᠳᠠᠳᠠᠬ᠃ ᠬᠡᠷᠪᠡ ᠡᠶ᠋ᠢᠮᠦᠷᠬᠦ ᠤᠷᠤᠯᠳᠤᠭ᠋ᠠᠨ᠎ᠳᠤ ᠤᠷᠤᠴᠢᠬᠠᠭ᠋ᠠᠳ ᠮᠤᠷᠢ᠎ᠪᠠᠨ ᠵᠠᠮ ᠳᠤᠮᠳᠠ᠎ᠨᠢ ᠵᠤᠬᠰᠤᠭ᠋ᠠᠴᠢᠬᠠᠬᠤ ᠪᠤᠶᠤ ᠡᠰᠡᠭᠦᠯ᠎ᠡ ᠭᠡᠨᠡᠳᠳᠡ ᠬᠦᠯ ᠠᠯᠠᠳᠠᠬᠳᠠᠨ ᠦᠭᠡᠷ᠎ᠡ ᠭᠦᠶᠦᠳᠡᠯ ᠶᠠᠪᠤᠭ᠎ᠠ᠎ᠳᠤ ᠤᠷᠤᠪᠠᠯ ᠲᠦᠷᠢᠮ ᠵᠦᠷᠢᠴᠡᠭᠰᠡᠨ᠎ᠳᠤ ᠲᠤᠭ᠋ᠠᠴᠠᠵᠦ᠂ ᠱᠠᠡᠭ ᠬᠡᠰᠢᠭ ᠬᠦᠷᠳᠡᠬᠦ ᠦᠭᠡᠢ ᠪᠤᠯᠳᠠᠬ᠃
    ᠲᠤᠭᠤᠢ ᠤᠷᠤᠯᠳᠤᠭ᠋ᠠᠨ ᠭᠡᠳᠡᠭ᠎ᠨᠢ ᠦᠵᠡᠭᠴᠢᠳ ᠰᠤᠨᠢᠷᠬᠠᠬ᠍ᠴᠢᠳ᠎ᠲᠤ ᠲᠦᠭᠦᠮ ᠦᠵᠡᠭᠦᠯᠬᠦ ᠵᠢᠨ ᠲᠤᠰᠠᠳᠠ ᠳᠤᠪᠤᠷᠬᠠᠬ ᠭᠠᠵᠠᠷ᠎ᠢ ᠲᠤᠭᠤᠷᠢᠨ ᠤᠷᠤᠯᠳᠤᠬᠤ ᠵᠢ ᠬᠡᠯᠡᠵᠦ ᠪᠠᠶ᠋ᠢᠨ᠎ᠠ᠃ ᠦᠷᠢᠶ᠎ᠡ ᠲᠠᠭ᠎ᠠ ᠤᠷᠤᠯᠳᠤᠬᠤ᠎ᠳᠤ ᠠᠬᠳᠠ ᠮᠤᠷᠢᠳ ᠤᠷᠤᠬᠤ ᠦᠭᠡᠢ ᠮᠦᠷᠳᠡᠬᠡᠨ ᠢᠳᠡᠷ ᠵᠠᠯᠠᠭᠤ ᠬᠦᠮᠦᠰ ᠴᠦ᠍ ᠤᠨᠤᠳᠠᠬ ᠦᠭᠡᠢ᠃ ᠤᠷᠳᠤᠰ᠎ᠲᠤ 《ᠬᠠᠭᠤᠷᠮᠠᠬ ᠤᠤᠭᠤᠯᠭ᠋ᠠᠨ᠎ᠠ》 ᠭᠡᠵᠦ ᠬᠠᠮᠤᠬ᠎ᠤᠨ ᠰᠡᠭᠦᠯ᠎ᠳᠤ ᠳᠤᠪᠲᠤᠯᠵᠦ ᠢᠷᠡᠭᠰᠡᠨ ᠬᠦᠮᠦᠨ ᠮᠤᠷᠢ ᠵᠢ ᠶᠡᠬᠡᠪᠡᠷ ᠮᠢᠯᠢᠶᠠᠵᠦ ᠶᠠᠮᠠᠷᠪᠠ ᠮᠠᠯ ᠠᠳᠤᠭᠤᠰᠤᠨ᠎ᠤ ᠪᠤᠶᠠᠨ ᠬᠡᠰᠡᠭ᠎ᠢ ᠭᠡᠭᠡᠭᠳᠡᠯ ᠦᠭᠡᠢ ᠬᠤᠷᠢᠶᠠᠨ ᠠᠪᠴᠢᠷᠠᠯ᠎ᠠ ᠭᠡᠮᠡᠨ ᠤᠨᠤᠬᠰᠠᠨ ᠬᠦᠮᠦᠨ᠎ᠳᠤᠨᠢ ᠨᠢᠭᠡ á  á ¶á  á ­á Žá   ᠬᠠᠭᠤᠷᠮᠠᠬ á ´á  á ­á Žá   ᠤᠤᠭᠤᠯᠭ᠋ᠠᠳᠠᠬ ᠪᠦᠭᠡᠳ ᠪᠠᠰᠠ ᠱᠠᠡᠭ ᠬᠡᠰᠢᠭ ᠬᠦᠷᠭᠡᠳᠡᠭ ᠪᠠᠶ᠋ᠢᠨ᠎ᠠ᠃
    ᠡᠶ᠋ᠢᠨᠬᠦ ᠢᠷᠦᠭᠡᠵᠦ ᠮᠢᠯᠢᠶᠠᠨ᠂ ᠤᠶᠠᠡᠭᠭ᠋ᠠᠯᠠᠵᠦ ᠮᠠᠬᠳᠠᠭ᠋ᠠᠳ ᠲᠠᠭᠤᠰᠪᠠᠯ ᠱᠠᠡᠭᠨᠠᠯ ᠤᠯᠭᠤᠵᠦ ᠨᠠᠭ᠋ᠠᠳᠤᠮ ᠦᠭᠡᠷ᠎ᠡ ᠨᠢᠭᠡᠨ ᠠᠭᠤᠯᠭ᠎ᠠ᠎ᠳᠤ ᠰᠢᠯᠵᠢᠨ᠎ᠡ᠃ ᠱᠠᠡᠭᠨᠠᠯ ᠤᠯᠭᠤᠬᠤ᠎ᠳᠠᠭᠠᠨ ᠡᠡᠭ᠎ᠳᠡᠭᠡᠨ ᠴᠦᠬᠡᠨ ᠮᠤᠷᠢ ᠤᠷᠤᠯᠳᠤᠪᠠᠯ ᠲᠡᠷᠢᠭᠦᠨ᠎ᠤ ᠠᠷᠪᠠᠨ ᠮᠤᠷᠢ ᠵᠢ ᠱᠠᠡᠭᠨᠠᠳᠠᠬ᠃ ᠡᠭᠦᠨ᠎ᠳᠤ ᠲᠡᠷᠢᠭᠦᠨ ᠮᠤᠷᠢᠨ᠎ᠤ ᠡᠵᠡᠨ᠎ᠳᠤ ᠮᠤᠷᠢ᠂ ᠲᠡᠳ᠋ ᠮᠤᠷᠢᠨ᠎ᠤ ᠡᠮᠡᠭᠡᠯ ᠬᠠᠵᠠᠭ᠋ᠠᠷ᠂ ᠭᠤᠳᠠᠭ᠋ᠠᠷ ᠮᠤᠷᠢᠨ᠎ᠳᠤ ᠬᠡᠪ᠎ᠤᠨ ᠴᠠᠢ᠂ ᠲᠤᠷᠭ᠋ᠠᠨ ᠪᠦᠰᠡ ᠭᠡᠬᠦ ᠮᠡᠳᠦ᠎ᠪᠠᠷ ᠲᠡᠰ ᠲᠠᠷᠠᠭ᠋ᠠᠯᠠᠨ ᠨᠠᠶ᠋ᠢᠷ ᠨᠠᠭ᠋ᠠᠳᠤᠮ᠎ᠤᠨ ᠪᠡᠯᠡᠳᠭᠡᠯ ᠵᠦᠢ᠍ᠯ ᠵᠶ᠋ᠠᠨ ᠦᠵᠡᠵᠦ ᠱᠠᠡᠭᠨᠠᠳᠠᠬ᠃
ᠬᠡᠷᠪᠡ ᠬᠤᠶᠠᠷ ᠮᠤᠷᠢ ᠡᠴᠦᠰ᠎ᠤᠨ ᠰᠢᠯᠭ᠋ᠠᠷᠠᠭᠤᠯᠬᠤ ᠤᠳᠠᠰᠤᠨ ᠲᠡᠭᠡᠷ᠎ᠡ ᠵᠡᠷᠭᠡᠴᠡᠵᠦ ᠬᠦᠷᠪᠡᠯ ᠵᠦᠪ ᠲᠠᠯ᠎ᠠ᠎ᠪᠠᠷ ᠤᠴᠢᠬᠰᠠᠨ ᠮᠤᠷᠢ ᠵᠢ ᠲᠦᠷᠦᠭᠦᠯᠡᠭᠰᠡᠨ ᠵᠶ᠋ᠠᠷ ᠲᠤᠭ᠋ᠠᠴᠠᠬᠤ ᠳᠦᠷᠢᠮ᠎ᠲᠠᠢ᠃ ᠤᠴᠢᠷ᠎ᠨᠢ ᠳᠡᠭᠡᠷ᠎ᠡ ᠳᠤᠷᠠᠳᠤᠬᠰᠠᠨ ᠲᠠᠭ᠋ᠠᠷᠢᠵᠦ ᠭᠠᠷᠬᠤ ᠮᠤᠷᠢ ᠵᠠᠪᠠᠯ ᠵᠦᠪ ᠲᠠᠯ᠎ᠠ᠎ᠪᠠᠷ᠎ᠨᠢ ᠲᠠᠪᠠᠵᠦ ᠭᠠᠷᠬᠤ ᠭᠡᠳᠡᠭ ᠲᠦᠷᠢᠮ᠎ᠲᠠᠢ᠎ᠪᠠᠨ ᠳᠤᠬᠢᠷᠠᠯᠴᠠᠬᠤ ᠶᠤᠮ᠃

ᠢᠷᠡᠯᠲᠡ᠄ ᠪᠦᠬᠦ ᠠᠷᠠᠳ ᠵᠶ᠋ᠠᠷ ᠵᠶ᠋ᠠᠨ ᠪᠡᠶ᠎ᠡ ᠴᠢᠬᠢᠷᠠᠭᠵᠢᠭᠤᠯᠬᠤ ᠨᠡᠢ᠌ᠳᠡ ᠵᠢᠨ ᠦᠢ᠍ᠯᠡᠴᠢᠯᠡᠭᠡᠨ᠎ᠤ ᠲᠠᠪᠴᠠᠩ
          
ᠬᠠᠮᠢᠶ᠎ᠡ ᠪᠦᠬᠦᠢ ᠰᠣᠨᠢᠨ
ᠪᠦᠭᠡ ᠪᠠᠷᠢᠯᠳᠤᠬᠤ
ᠪᠦᠭᠡ ᠪᠠᠷᠢᠯᠳᠤᠬᠤ ᠵᠢᠨ ᠰᠤᠷᠭ᠋ᠠᠨ ᠭᠦᠮᠦᠵᠢᠯ᠎ᠤᠨ ᠠᠴᠢ ᠬᠤᠯᠪᠤᠭᠳᠠᠯ
ᠰᠤᠷ ᠬᠠᠷᠪᠤᠬᠤ ᠶᠤᠰᠤᠨ
ᠤᠯᠠᠮᠵᠢᠯᠠᠯᠲᠦ ᠮᠤᠩᠭᠤᠯ ᠪᠦᠭᠡ ᠵᠢᠨ ᠪᠠᠷᠢᠯᠳᠤᠭ᠋ᠠᠨ᠎ᠤ ᠶᠤᠰᠤᠨ
ᠮᠤᠩᠭᠤᠯ ᠰᠢᠳᠠᠷ᠎ᠠ
 
            