ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠨᠳᠦᠰᠦᠲᠡᠨ᠎ᠤ ᠪᠡᠶ᠎ᠡ ᠲᠠᠮᠢᠷ   -   ᠦᠨᠳᠦᠰᠦᠲᠡᠨ᠎ᠤ ᠪᠡᠶ᠎ᠡ ᠲᠠᠮᠢᠷ᠎ᠤᠨ ᠲᠦᠷᠦᠯ ᠵᠦᠢᠯ
ᠠᠨᠳᠠᠢ ᠪᠦᠵᠢᠭ
ᠨᠡᠶ᠋ᠢᠲᠡᠯᠡᠭᠰᠡᠨ ᠴᠠᠭ᠄ 2019-01-02

    ᠠᠨᠳᠠᠢ ᠭᠡᠬᠦ ᠲᠠᠭᠤᠤ ᠪᠦᠵᠢᠭ ᠪᠤᠯ ᠮᠤᠡᠭᠭᠤᠯᠴᠤᠳ᠎ᠤᠨ ᠤᠯᠠᠮᠵᠢᠯᠠᠯᠲᠦ ᠲᠠᠭᠤᠤ ᠪᠦᠵᠢᠭ᠎ᠤᠨ ᠤᠷᠠᠯᠢᠬ᠎ᠤᠨ ᠬᠦᠭᠵᠢᠯ᠎ᠳᠠᠬᠢ ᠴᠢᠬᠤᠯᠠ ᠨᠢᠭᠡ ᠰᠠᠯᠪᠤᠷᠢ ᠰᠤᠳᠠᠰᠤᠨ ᠮᠦᠨ ᠪᠦᠭᠡᠳ ᠨᠤᠳᠤᠬ ᠤᠷᠤᠨ᠎ᠤ ᠰᠢᠨᠵᠢ ᠪᠦᠬᠦᠢ ᠰᠤᠶᠤᠯ᠎ᠤᠨ ᠤᠨᠴᠠᠭ᠋ᠠᠢ ᠨᠢᠭᠡᠨ ᠦᠵᠡᠭᠳᠡᠯ ᠭᠡᠯᠲᠡᠢ ᠶᠤᠮ᠃ ᠠᠨᠳᠠᠢ ᠵᠢ ᠰᠤᠶᠤᠯ᠎ᠤᠨ ᠬᠠᠷᠠᠭ᠋ᠠᠰᠦ᠎ᠠᠴᠠ ᠰᠤᠳᠤᠯᠬᠤ ᠭᠡᠪᠡᠯ᠂ ᠠᠷᠠᠳ᠎ᠤᠨ ᠳᠤᠮᠳᠠ ᠤᠷᠲᠦ ᠬᠤᠭᠤᠴᠠᠭ᠎ᠠ᠎ᠪᠠᠷ ᠤᠯᠠᠮᠵᠢᠯᠠᠬᠳᠠᠨ᠂ ᠮᠤᠡᠭᠭᠤᠯ᠎ᠤᠨ ᠦᠢ ᠲᠦᠮᠡᠨ ᠬᠦᠳᠡᠯᠮᠦᠷᠢᠴᠢᠨ á  á ·á  á ³ ᠲᠦᠮᠡᠨ᠎ᠤ ᠵᠤᠭ᠎ᠠ ᠰᠤᠨᠢᠷᠬᠠᠯ ᠪᠤᠯᠭ᠋ᠠᠨ ᠦᠪᠯᠡᠵᠦ ᠪᠠᠶ᠋ᠢᠭ᠎ᠠ ᠠᠮᠢᠳᠤ ᠪᠠᠶᠠᠯᠢᠬ ᠲᠠᠭᠤᠤ ᠪᠦᠵᠢᠭ᠎ᠤᠨ ᠤᠷᠠᠯᠢᠬ᠎ᠲᠤ ᠬᠡᠭᠡᠷ᠎ᠡ ᠵᠢᠨ ᠪᠠᠶ᠋ᠢᠴᠠᠭ᠋ᠠᠯᠲᠠ ᠬᠢᠬᠦ᠎ᠨᠢ ᠳᠤᠲᠠᠬᠳᠠᠵᠦ ᠦᠯᠦ ᠪᠤᠯᠬᠤ ᠰᠠᠭᠤᠷᠢ ᠨᠦᠭᠦᠴᠡᠯ ᠪᠤᠯᠳᠠᠬ ᠭᠡᠳᠡᠭ᠎ᠢ ᠮᠡᠳᠡᠷᠡᠭᠦᠰᠢᠲᠡᠢ ᠶᠤᠮ᠃
    ᠤᠨᠴᠠᠭ᠋ᠠᠢ ᠰᠤᠶᠤᠯ᠎ᠨᠢ ᠤᠨᠴᠠᠭ᠋ᠠᠢ ᠠᠮᠢ ᠠᠬᠤᠢ ᠵᠢᠨ ᠤᠷᠴᠢᠨ᠎ᠠᠴᠠ ᠤᠯᠪᠠᠭ᠋ᠠᠯᠠᠵᠦ᠂ ᠤᠨᠴᠠᠭ᠋ᠠᠢ ᠰᠤᠶᠤᠯ ᠰᠡᠳᠭᠢᠴᠡ᠎ᠨᠢ ᠤᠨᠴᠠᠭ᠋ᠠᠢ ᠠᠵᠦ ᠠᠬᠤᠢ ᠵᠢᠨ ᠬᠡᠯᠪᠡᠷᠢ᠎ᠠᠴᠠ ᠤᠯᠪᠠᠭ᠋ᠠᠯᠠᠵᠦ᠂ ᠠᠳᠠᠯᠢ ᠪᠤᠰᠤ ᠪᠦᠵᠢᠭ᠎ᠤᠨ ᠬᠡᠪ ᠨᠠᠮᠪᠠ ᠵᠢ ᠤᠨᠴᠠᠭ᠋ᠠᠢ ᠰᠤᠶᠤᠯ᠎ᠤᠨ ᠡᠬᠢ ᠰᠤᠷᠪᠤᠯᠵᠢ ᠲᠦᠯᠦᠪᠰᠢᠷᠡᠳᠡᠭ᠃ ᠡᠨᠡ ᠪᠤᠯ ᠠᠨᠳᠠᠢ ᠵᠢᠨ ᠡᠭᠦᠰᠦᠯᠳᠡ ᠵᠢᠨ ᠤᠷᠢᠳᠠᠯ᠎ᠤᠨ ᠰᠢᠨᠵᠢ᠎ᠲᠠᠢ ᠬᠦᠮᠦᠨ ᠵᠦᠢ᠍ᠯ ᠪᠤᠯᠤᠨ᠎ᠠ᠃
    ᠠᠨᠳᠠᠢ ᠵᠢᠨ ᠡᠭᠦᠰᠦᠯ᠎ᠤᠨ ᠳᠤᠮᠤᠬ᠄
    ᠡᠨᠡ ᠲᠤᠬᠠᠢ ᠬᠦᠷᠢᠶ᠎ᠡ ᠬᠤᠰᠢᠭᠤ᠂ ᠮᠤᠡᠭᠭᠤᠯᠵᠢᠨ ᠬᠤᠰᠢᠭᠤ᠂ ᠭᠤᠷᠯᠤᠰ ᠬᠤᠰᠢᠭᠤ᠂ ᠲᠠᠷᠬᠠᠨ ᠬᠤᠰᠢᠭᠤ᠂ á  á ·á ¤ ᠬᠠᠯᠬ᠎ᠠ ᠵᠡᠷᠭᠡ᠎ᠠᠴᠠ ᠡᠭᠦᠰᠦᠯ᠎ᠡ ᠭᠡᠳᠡᠭ ᠳᠤᠮᠤᠬ ᠪᠦᠷ ᠪᠤᠢ᠃ ᠭᠡᠪᠡᠴᠦ ᠬᠦᠷᠢᠶ᠎ᠡ ᠬᠤᠰᠢᠭᠤ᠎ᠠᠴᠠ ᠡᠭᠦᠰᠦᠯ᠎ᠡ ᠭᠡᠳᠡᠭ ᠲᠤᠮᠤ ᠭᠤᠤᠯ ᠪᠠᠶ᠋ᠢᠷᠢ ᠵᠢ ᠡᠵᠡᠯᠡᠨ᠎ᠡ᠃ ᠳᠤᠮᠤᠬ᠎ᠤᠳ᠎ᠲᠤ ᠠᠨᠳᠠᠢ ᠲᠡᠭᠡᠭᠡᠭᠰᠡᠨ ᠲᠡᠷᠭᠡ᠎ᠨᠢ ᠴᠦᠮ ᠵᠶ᠋ᠠᠷ ᠵᠶ᠋ᠠᠨ ᠬᠦᠷᠢᠶ᠎ᠡ ᠬᠤᠰᠢᠭᠤᠨ᠎ᠳᠤ ᠤᠡᠭᠬᠤᠯᠢᠳᠠᠬ ᠤᠨᠴᠠᠯᠢᠬ᠎ᠲᠠᠢ᠃ ᠪᠠᠷᠤᠬ 《ᠠᠨᠳᠠᠢ》 ᠭᠡᠳᠡᠭ ᠨᠡᠷᠡᠶ᠋ᠢᠳᠦᠯ ᠡᠨᠡ ᠦᠶᠡᠰ᠎ᠠᠴᠠ ᠡᠬᠢᠯᠡᠵᠦ ᠪᠤᠢ ᠪᠤᠯᠵᠠᠢ ᠭᠡᠳᠡᠭ᠃
    ᠠᠨᠳᠠᠢ ᠭᠡᠳᠡᠭ ᠦᠭᠡ ᠵᠢᠨ ᠤᠳᠬ᠎ᠠ᠄
    ᠤᠯᠠᠡᠭᠬᠢ ᠡᠷᠳᠡᠮᠳᠡᠳ 《ᠡᠪᠡᠳᠴᠢᠨ᠎ᠤ ᠨᠡᠷ᠎ᠡ》 ᠭᠡᠳᠡᠭ᠃ ᠭᠡᠬᠦ᠎ᠳᠡᠭᠡᠨ ᠵᠠᠯᠠᠭᠤ ᠦᠬᠢᠨ᠂ ᠵᠠᠯᠠᠭᠤ ᠪᠡᠷᠢᠶᠡᠳ᠎ᠲᠤ ᠬᠠᠶᠠ ᠳᠤᠬᠢᠶᠠᠯᠳᠤᠳᠠᠬ ᠬᠦᠢ᠍ᠳᠡᠨ ᠡᠪᠡᠳᠴᠢᠨ ᠪᠤᠶᠤ ᠰᠡᠳᠭᠢᠯ᠎ᠤᠨ ᠡᠪᠡᠳᠴᠢᠨ ᠭᠡᠨ᠎ᠡ᠃ ᠮᠦᠨ ᠬᠡᠯᠡ ᠪᠢᠴᠢᠭ ᠵᠦᠢ᠎ᠠᠴᠠ ᠬᠠᠷᠠᠭ᠋ᠠᠯᠠᠵᠦ᠄ ᠠᠨᠳᠠ - ᠠᠨᠳᠠᠢ ᠵᠢᠨ ᠤᠯᠠᠷᠢᠯ ᠵᠶ᠋ᠠᠷ ᠦᠵᠡᠵᠦ᠂ ᠠᠨᠳᠠ ᠨᠠᠶ᠋ᠢᠵᠠ ᠵᠢᠨ ᠤᠴᠢᠷ᠎ᠲᠠᠢ ᠬᠤᠯᠪᠤᠬᠳᠠᠬᠤ ᠡᠪᠡᠳᠴᠢᠨ ᠭᠡᠪᠡ᠃ ᠦᠨᠡᠨ᠎ᠳᠡᠭᠡᠨ ᠪᠡᠷᠭᠡᠨ - ᠪᠡᠷᠭᠡᠢ; ᠠᠯᠳᠠ - ᠠᠯᠲᠠᠢ; á  á ­á Žá   - á  á ­á ‹á  á ¢ ᠁ ᠮᠡᠳᠦ ᠵᠢᠨ ᠬᠡᠯᠡᠨ᠎ᠤ ᠦᠵᠡᠭᠳᠡᠯ ᠵᠶ᠋ᠠᠷ ᠮᠦᠷᠳᠡᠪᠡᠯ 《ᠠᠨᠳᠠᠢ》᠎ᠨᠢ ᠠᠨᠳᠠ ᠵᠢᠨ ᠤᠯᠪᠠᠷᠢᠯ ᠪᠠᠶ᠋ᠢᠳᠠᠬ᠎ᠨᠢ ᠵᠦᠢ᠎ᠳᠤ ᠨᠡᠶ᠋ᠢᠴᠡᠨ᠎ᠡ᠃ ᠤᠶ᠋ᠢᠷᠠᠳ ᠮᠤᠡᠭᠭᠤᠯ᠎ᠳᠤ᠂ ᠬᠤᠷᠠᠭ᠎ᠠ ᠢᠰᠢᠭᠡ ᠭᠠᠵᠠᠷ ᠬᠦᠯᠪᠡᠷᠢᠵᠦ ᠲᠦᠷᠪᠡᠨ ᠮᠦᠴᠢ᠎ᠨᠢ ᠲᠠᠳᠠᠯᠳᠤᠨ ᠲᠡᠶ᠋ᠢᠴᠢᠯᠡᠬᠦ ᠭᠡᠮ᠎ᠢ 《ᠠᠨᠳᠠᠢ ᠲᠤᠰᠤᠯ᠎ᠠ》 ᠭᠡᠳᠡᠭ᠃ ᠵᠡᠭᠦᠨ ᠮᠤᠡᠭᠭᠤᠯ᠎ᠳᠤ ᠪᠤᠯ 《ᠭᠠᠵᠠᠷ᠎ᠤᠨ ᠬᠦᠷᠦᠰᠦ ᠲᠠᠭ᠋ᠠᠷᠢᠯ᠎ᠠ》 ᠭᠡᠵᠦ ᠬᠡᠯᠡᠬᠦ ᠪᠦᠭᠡᠳ á ­á  á ¯ ᠲᠠᠯᠪᠢᠵᠦ ᠤᠳᠤᠭ᠎ᠠ ᠦᠨᠦᠷᠳᠦᠭᠦᠯᠵᠦ ᠵᠠᠰᠠᠳᠠᠬ᠃ ᠢᠡᠭᠭᠢᠭᠡᠳ ᠦᠵᠡᠬᠦ᠎ᠳᠤ ᠠᠨᠳᠠᠢ ᠪᠤᠯ ᠡᠪᠡᠳᠴᠢᠨ᠎ᠤ ᠨᠡᠷ᠎ᠡ ᠪᠠᠶ᠋ᠢᠵᠦ ᠲᠠᠭ᠋ᠠᠷᠠᠨ᠎ᠠ᠃
    ᠠᠨᠳᠠᠢ ᠵᠢᠨ ᠲᠡᠤᠬᠡᠨ ᠬᠦᠭᠵᠢᠯ᠄
    ᠠᠨᠳᠠᠢ ᠪᠤᠯ ᠮᠤᠡᠭᠭᠤᠯᠴᠤᠳ ᠪᠤᠯᠤᠨ ᠤᠮᠠᠷᠠᠳᠦ ᠵᠢᠨ ᠦᠨᠳᠦᠰᠦᠲᠡᠨ᠎ᠤ ᠤᠵᠠᠭᠤᠷ ᠰᠤᠶᠤᠯ ᠤᠬᠠᠮᠰᠠᠷ᠎ᠤᠨ ᠬᠦᠷᠦᠰᠦᠨ ᠲᠡᠭᠡᠷ᠎ᠡ ᠠᠶᠠᠨᠳᠠᠭ᠋ᠠᠨ ᠨᠠᠬᠢᠶᠠᠯᠠᠨ ᠤᠷᠭᠤᠵᠦ ᠭᠠᠷᠤᠬᠰᠠᠨ ᠰᠤᠶᠤᠯ᠎ᠤᠨ ᠦᠵᠡᠭᠳᠡᠯ ᠮᠦᠨ᠃ ᠲᠡᠷᠡ ᠤᠵᠠᠭᠤᠷ ᠢᠷᠭᠡᠳ᠎ᠤᠨ ᠰᠢᠳᠦᠯᠭᠡ ᠪᠢᠰᠢᠷᠡᠯ᠎ᠤᠨ ᠤᠬᠠᠮᠰᠠᠷ᠂ ᠲᠠᠭᠤᠯᠠᠵᠦ ᠲᠡᠪᠰᠡᠬᠦ ᠤᠷᠠᠯᠢᠬ᠎ᠤᠨ ᠰᠠᠭᠤᠷᠢᠨ᠎ᠳᠤ ᠦᠨᠳᠦᠰᠦᠯᠡᠵᠦ᠂ ᠠᠯᠭᠤᠷ ᠵᠶ᠋ᠠᠷ ᠪᠡᠶ᠎ᠡ᠎ᠪᠠᠨ ᠲᠠᠭ᠋ᠠᠭ᠋ᠠᠬᠰᠠᠨ ᠠᠨᠳᠠᠢ ᠭᠡᠬᠦ ᠬᠡᠯᠪᠡᠷᠢ᠎ᠪᠠᠷ ᠰᠢᠨ᠎ᠡ ᠬᠦᠭᠵᠢᠯ᠎ᠤᠨ ᠵᠠᠮ ᠵᠶ᠋ᠠᠨ ᠨᠡᠭᠡᠭᠡᠵᠡᠢ᠃ ᠪᠠᠷᠤᠬ 17 ᠳ᠋ᠤᠭ᠋ᠠᠷ ᠵᠠᠭᠤᠨ᠎ᠠᠴᠠ ᠢᠨᠠᠬᠰᠢ ᠬᠤᠶᠠᠳᠤᠭ᠋ᠠᠷ ᠬᠦᠭᠵᠢᠯ᠎ᠤᠨ ᠱᠠᠳᠤᠨ᠎ᠳᠠᠭᠠᠨ ᠳᠠᠪᠰᠢᠨ ᠤᠷᠤᠵᠦ᠂ ᠠᠨᠳᠠᠢ ᠭᠡᠬᠦ ᠲᠤᠰᠬᠠᠢ ᠨᠡᠷ᠎ᠡ ᠪᠤᠶᠤ ᠬᠡᠯᠪᠡᠷᠢ᠎ᠪᠠᠷ ᠤᠷᠤᠰᠢᠨ ᠲᠤᠬᠳᠠᠨᠢᠵᠦ᠂ ᠭᠤᠤᠯᠳᠠᠭᠤ ᠵᠠᠯᠠᠭᠤ ᠡᠮᠡᠭᠲᠡᠢ 《ᠦᠬᠢᠳ ᠪᠡᠷᠢᠶᠡᠳ》 ᠡᠪᠡᠳᠴᠢᠲᠡᠨ᠎ᠤ ᠬᠦᠢ᠍ᠳᠡᠨ ᠡᠪᠡᠳᠴᠢᠨ ᠪᠤᠶᠤ ᠰᠡᠳᠭᠢᠯ᠎ᠤᠨ ᠡᠪᠡᠳᠴᠢᠨ᠎ᠢ ᠵᠠᠰᠠᠬᠤ᠎ᠪᠠᠷ ᠤᠨᠴᠠᠯᠢᠬ ᠵᠶ᠋ᠠᠨ ᠪᠤᠯᠭ᠋ᠠᠬᠰᠠᠨ ᠤᠯᠠᠨ ᠲᠦᠮᠡᠨᠴᠢ ᠴᠢᠨᠠᠷᠲᠠᠢ ᠲᠠᠭᠤᠤ ᠪᠦᠵᠢᠭ᠂ ᠰᠤᠶᠤᠯ ᠤᠷᠠᠯᠢᠬ ᠪᠤᠯᠵᠦ ᠬᠦᠭᠵᠢᠵᠡᠢ᠃ 1956 ᠤᠨ᠎ᠠᠴᠠ ᠡᠬᠢᠯᠡᠵᠦ 《ᠡᠷᠳᠡᠨ᠎ᠤ᠎ᠬᠢ ᠵᠢ ᠡᠳᠦᠭᠡ᠎ᠳᠤ ᠦᠢ᠍ᠯᠡᠴᠢᠯᠡᠭᠦᠯᠬᠦ》 ᠵᠤᠷᠢᠯᠳᠠ᠎ᠠᠴᠠ ᠡᠭᠦᠰᠴᠦ᠂ ᠬᠠᠭᠤᠴᠢᠨ ᠬᠡᠯᠪᠡᠷᠢ ᠪᠤᠯᠤᠨ ᠠᠭᠤᠯᠭ᠎ᠠ᠎ᠳᠤᠨᠢ ᠰᠢᠨ᠎ᠡ ᠵᠠᠰᠠᠯᠲᠠ ᠤᠷᠤᠭᠤᠯᠵᠦ ᠠᠷᠠᠳ᠎ᠤᠨ ᠲᠠᠭᠤᠤ ᠪᠦᠵᠢᠭ᠎ᠤᠨ ᠤᠷᠠᠯᠢᠬ ᠲᠡᠶ᠋ᠢᠰᠢ ᠵᠢᠯᠤᠭᠤ ᠵᠢ᠎ᠨᠢ ᠵᠠᠯᠠᠪᠠ᠃ ᠡᠭᠦᠨ᠎ᠢ ᠬᠦᠮᠦᠰ 《ᠰᠢᠨ᠎ᠡ ᠠᠨᠳᠠᠢ》 ᠭᠡᠳᠡᠭ᠃ ᠤᠳᠤ ᠰᠢᠨ᠎ᠡ ᠠᠨᠳᠠᠢ ᠬᠦᠭᠵᠢᠭᠡᠳ ᠲᠠᠭᠤᠤ᠂ ᠪᠦᠵᠢᠭ᠂ ᠰᠢᠯᠦᠭ᠂ ᠲᠤᠭᠤᠵᠢᠰ᠂ ᠵᠦᠴᠦᠭᠡ ᠁ ᠭᠡᠬᠦ ᠮᠡᠳᠦ᠎ᠪᠠᠷ ᠤᠷᠠᠯᠢᠬ᠎ᠤᠨ ᠤᠠᠯᠨ ᠲᠦᠷᠦᠯ ᠵᠦᠢ᠍ᠯ ᠵᠦᠭ ᠤᠯᠠᠷᠢᠨ ᠬᠦᠭᠵᠢᠵᠦ ᠪᠠᠶ᠋ᠢᠨ᠎ᠠ᠃ ᠬᠦᠭᠰᠢᠨ ᠮᠤᠳᠤᠨ᠎ᠠᠴᠠ ᠬᠦᠬᠡ ᠮᠦᠴᠢᠷ ᠰᠢᠭᠦᠷᠯᠡᠭᠰᠡᠨ ᠰᠢᠭ᠂ ᠬᠠᠭᠤᠴᠢᠨ ᠦᠪ ᠰᠤᠶᠤᠯ᠎ᠠᠴᠠ ᠬᠦᠭᠵᠢᠯ᠎ᠤᠨ ᠰᠢᠨ᠎ᠡ ᠠᠮᠢ ᠲᠦᠯᠵᠢᠵᠦ ᠮᠤᠡᠭᠭᠤᠯ ᠰᠤᠶᠤᠯ᠎ᠤᠨ ᠮᠦᠡᠭᠬᠡ ᠱᠠᠡᠭᠰᠢ ᠪᠤᠯᠤᠯ᠎ᠠ᠃

ᠢᠷᠡᠯᠲᠡ᠄ ᠪᠦᠬᠦ ᠠᠷᠠᠳ ᠵᠶ᠋ᠠᠷ ᠵᠶ᠋ᠠᠨ ᠪᠡᠶ᠎ᠡ ᠴᠢᠬᠢᠷᠠᠭᠵᠢᠭᠤᠯᠬᠤ ᠨᠡᠢ᠌ᠳᠡ ᠵᠢᠨ ᠦᠢ᠍ᠯᠡᠴᠢᠯᠡᠭᠡᠨ᠎ᠤ ᠲᠠᠪᠴᠠᠩ
          
ᠬᠠᠮᠢᠶ᠎ᠡ ᠪᠦᠬᠦᠢ ᠰᠣᠨᠢᠨ
ᠪᠢᠯᠠᠭᠤ ᠰᠢᠳᠡᠬᠦ
ᠰᠤᠷ ᠬᠠᠷᠪᠤᠯᠳᠠ
ᠲᠡᠮᠡᠭᠡ ᠤᠷᠤᠯᠳᠤᠬᠤ
ᠮᠤᠷᠢ ᠤᠷᠤᠯᠳᠤᠬᠤ
ᠪᠦᠭᠡ ᠪᠠᠷᠢᠯᠳᠤᠬᠤ
 
            