ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠰᠤᠷᠪᠤᠯᠵᠢᠯᠠᠭ᠎ᠠ
ᠡᠮᠴᠢ ᠨᠡᠷ᠎ᠠᠴᠠ ᠦᠨᠳᠦᠷ ᠳᠤᠮᠳᠠᠳᠤ ᠰᠤᠷᠭ᠋ᠠᠭᠤᠯᠢ᠎ᠳᠤ ᠰᠢᠯᠭ᠋ᠠᠭᠤᠯᠬᠤ ᠪᠡᠶ᠎ᠡ ᠵᠢᠨ ᠲᠠᠮᠢᠷ᠎ᠤᠨ ᠰᠢᠯᠭ᠋ᠠᠯᠲᠠ᠎ᠳᠤ ᠰᠢᠨᠵᠢᠯᠡᠬᠦ ᠤᠬᠠᠭ᠋ᠠᠨᠴᠢ᠎ᠪᠠᠷ ᠪᠡᠯᠡᠳᠬᠡᠬᠦ ᠲᠤᠬᠠᠢ ᠦᠭᠭᠦᠭᠰᠡᠨ ᠰᠠᠨᠠᠭᠤᠯᠭ᠎ᠠ
ᠨᠡᠶ᠋ᠢᠲᠡᠯᠡᠭᠰᠡᠨ ᠴᠠᠭ᠄ 2024-04-02

    ᠡᠯ᠎ᠡ ᠭᠠᠵᠠᠷ᠎ᠤᠨ ᠥᠨᠳᠥᠷ ᠵᠡᠷᠭᠡ ᠵᠢᠨ ᠳᠤᠮᠳᠠᠳᠤ ᠰᠤᠷᠭ᠋ᠠᠭᠤᠯᠢ ᠵᠢᠨ ᠰᠣᠷᠣᠭᠴᠢ ᠡᠯᠰᠡᠬᠦ ᠰᠢᠯᠭ᠋ᠠᠯᠲᠠ ᠵᠢᠨ ᠪᠡᠶ᠎ᠡ ᠵᠢᠨ ᠲᠠᠮᠢᠷ᠎ᠤᠨ ᠰᠢᠯᠭ᠋ᠠᠯᠲᠠ ᠵᠠᠯᠭ᠋ᠠᠭ᠎ᠠ᠎ᠪᠠᠷ ᠡᠬᠢᠯᠡᠵᠦ᠂ ᠶᠠᠰᠤᠨ᠎ᠤ ᠰᠠᠯᠠᠭ᠎ᠠ ᠪᠠ ᠬᠢᠲᠠᠳ ᠡᠮᠨᠡᠯᠭᠡ ᠵᠢᠨ ᠲᠤᠰᠬᠠᠢ ᠮᠡᠷᠭᠡᠵᠢᠯᠲᠡᠨ᠎ᠠᠴᠠ ᠰᠢᠯᠭ᠋ᠠᠭᠤᠯᠤᠭᠴᠢ᠎ᠳᠤ᠂ ᠰᠢᠯᠭ᠋ᠠᠯᠲᠠ᠎ᠳᠤ ᠪᠡᠯᠡᠳᠬᠡᠬᠦ ᠬᠤᠭᠤᠴᠠᠭ᠋ᠠᠨ᠎ᠳᠤ ᠠᠵᠢᠯᠯᠠᠵᠤ ᠠᠮᠠᠷᠠᠬᠤ ᠵᠢᠮ᠎ᠡ ᠶᠣᠰᠣ᠎ᠲᠠᠢ ᠪᠠᠢ᠌ᠵᠤ᠂ ᠰᠢᠨᠵᠢᠯᠡᠬᠦ ᠤᠬᠠᠭ᠋ᠠᠨᠴᠢ ᠵᠦᠢ ᠵᠣᠬᠢᠰᠲᠠᠢ ᠪᠣᠯᠪᠠᠰᠤᠷᠠᠯ ᠬᠢᠬᠦ ᠵᠢ ᠠᠩᠬᠠᠷᠴᠤ᠂ ᠴᠢᠳᠠᠯ᠎ᠤᠨ ᠵᠶ᠋ᠠᠨ ᠬᠢᠷᠢ᠎ᠪᠠᠷ ᠪᠣᠯᠪᠠᠰᠤᠷᠠᠯ ᠬᠢᠵᠦ᠂ ᠥᠨᠳᠥᠷ ᠬᠦᠴᠦᠯᠡᠴᠡ᠎ᠲᠠᠢ ᠭᠡᠨᠡᠳᠲᠡ ᠵᠢᠨ ᠪᠣᠯᠪᠠᠰᠤᠷᠠᠯ᠎ᠠᠴᠠ ᠪᠣᠯᠵᠤ ᠰᠢᠷᠠᠭᠳᠤᠯ ᠤᠯᠬᠤ᠎ᠠᠴᠠ ᠵᠠᠢ᠌ᠯᠠᠰᠬᠢᠬᠦ ᠬᠡᠷᠡᠭᠲᠡᠢ ᠭᠡᠵᠦ ᠰᠠᠨᠠᠭᠤᠯᠤᠭᠰᠠᠨ ᠪᠠᠢ᠌ᠨ᠎ᠠ᠃
    ᠴᠠᠩᠱ᠌ᠠ ᠬᠣᠲᠠ ᠵᠢᠨ ᠠᠩᠬ᠎ᠠ ᠵᠡᠷᠭᠡ ᠵᠢᠨ ᠳᠤᠮᠳᠠᠳᠤ ᠰᠤᠷᠭ᠋ᠠᠭᠤᠯᠢ᠎ᠠᠴᠠ ᠲᠡᠭᠦᠰᠴᠦ ᠰᠤᠷᠭ᠋ᠠᠭᠤᠯᠢ ᠳᠡᠪᠰᠢᠬᠦ ᠪᠡᠶ᠎ᠡ ᠵᠢᠨ ᠲᠠᠮᠢᠷ᠎ᠤᠨ ᠰᠢᠯᠭ᠋ᠠᠯᠲᠠ ᠵᠢᠨ á ´á  á © ᠵᠢᠶᠦ᠋ᠨ ᠬᠣᠣᠰ ᠬᠡᠯᠡᠨ᠎ᠤ ᠲᠤᠷᠰᠢᠯᠲᠠ ᠵᠢᠨ ᠳᠤᠮᠳᠠᠳᠤ ᠰᠤᠷᠭ᠋ᠠᠭᠤᠯᠢ ᠵᠢᠨ ᠰᠢᠯᠭ᠋ᠠᠯᠲᠠ ᠵᠢᠨ ᠴᠡᠭ᠎ᠲᠤ᠂ ᠰᠢᠯᠭ᠋ᠠᠭᠤᠯᠤᠭᠴᠢ ᠠᠯᠠᠭ᠋ᠠᠳᠠᠬᠤ ᠪᠥᠮᠪᠥᠭᠡ ᠵᠢᠨ ᠰᠢᠯᠭ᠋ᠠᠯᠲᠠ᠎ᠠᠴᠠ ᠡᠮᠦᠨ᠎ᠡ ᠪᠤᠯᠪᠠᠰᠤᠷᠠᠵᠦ ᠪᠠᠢ᠌ᠭ᠎ᠠ᠎ᠨᠢ᠃
    ᠵᠥᠩ ᠨᠠᠨ ᠶᠡᠬᠡ ᠰᠤᠷᠭ᠋ᠠᠭᠤᠯᠢ ᠵᠢᠨ ᠰᠢᠶᠠᠩ á ¶á   ᠡᠮᠨᠡᠯᠭᠡ ᠵᠢᠨ ᠬᠣᠷᠢᠶᠠᠨ᠎ᠤ ᠳᠠᠷᠤᠭ᠎ᠠ᠂ ᠶᠠᠰᠤᠨ᠎ᠤ ᠰᠠᠯᠠᠭ᠋ᠠᠨ᠎ᠤ ᠲᠤᠰᠬᠠᠢ ᠮᠡᠷᠭᠡᠵᠢᠯᠲᠡᠨ ᠯᠧᠢ ᠭᠤᠸᠠᠩ ᠬᠤᠸᠠ ᠫᠷᠤᠹᠸᠰᠰᠤᠷ ᠲᠠᠨᠢᠯᠴᠠᠭᠤᠯᠬᠤ᠎ᠳᠠᠭᠠᠨ᠂ ᠵᠠᠷᠢᠮ ᠰᠣᠷᠣᠭᠴᠢ ᠨᠠᠩ ᠰᠠᠢ᠌ᠨ ᠬᠢᠷᠢ ᠪᠦᠲᠦᠮᠵᠢ ᠣᠯᠬᠤ ᠵᠢᠨ ᠲᠥᠯᠥᠭᠡ᠂ ᠭᠡᠨᠡᠳᠲᠡ ᠪᠣᠯᠪᠠᠰᠤᠷᠠᠯ᠎ᠤᠨ ᠡᠷᠴᠢᠮ ᠵᠶ᠋ᠡᠨ ᠴᠢᠩᠭ᠋ᠠᠷᠠᠭᠤᠯᠳᠠᠭ; ᠪᠠᠰᠠ ᠰᠤᠷᠤᠭᠴᠢᠳ᠎ᠤᠨ ᠬᠥᠳᠡᠯᠭᠡᠭᠡᠨ ᠬᠡᠳᠦᠷᠡᠬᠦ᠂ ᠭᠡᠨᠡᠳᠲᠡ ᠵᠢᠨ ᠪᠣᠯᠪᠠᠰᠤᠷᠠᠯ ᠬᠢᠭᠰᠡᠨ᠎ᠠᠴᠠ ᠦᠶ᠎ᠡ ᠭᠡᠰᠢᠭᠦᠦ᠎ᠨᠢ ᠮᠤᠰᠬᠢᠷᠠᠬᠤ᠂ ᠪᠤᠯᠴᠢᠩ᠎ᠨᠢ ᠲᠠᠲᠠᠭᠳᠠᠨ ᠭᠡᠮᠲᠦᠬᠦ ᠵᠡᠷᠭᠡ ᠬᠥᠳᠡᠯᠭᠡᠭᠡᠨ᠎ᠤ ᠭᠡᠮᠲᠦᠯ᠎ᠢ ᠡᠭᠦᠰᠬᠡᠳᠡᠭ᠃
    ᠯᠧᠢ ᠭᠤᠸᠠᠩ ᠬᠤᠸᠠ ᠰᠠᠨᠠᠭᠤᠯᠬᠤ᠎ᠳᠠᠭᠠᠨ᠂ ᠰᠤᠷᠤᠭᠴᠢᠳ᠎ᠤᠨ ᠪᠡᠶ᠎ᠡ ᠵᠢᠨ ᠲᠠᠮᠢᠷ᠎ᠤᠨ ᠰᠢᠯᠭ᠋ᠠᠯᠲᠠ᠎ᠠᠴᠠ ᠡᠮᠦᠨ᠎ᠡ ᠳᠤᠮᠳᠠ ᠵᠡᠷᠭᠡ ᠵᠢᠨ ᠬᠦᠴᠦᠯᠡᠴᠡ᠎ᠲᠠᠢ ᠪᠣᠯᠪᠠᠰᠤᠷᠠᠯ᠎ᠢ ᠪᠠᠲᠤᠯᠠᠬᠤ᠎ᠨᠢ ᠰᠢᠨᠵᠢᠯᠡᠬᠦ ᠤᠬᠠᠭ᠋ᠠᠨᠴᠢ ᠶᠤᠮ᠃ ᠤᠳᠠᠭ᠎ᠠ ᠪᠦᠷᠢ ᠬᠥᠳᠡᠯᠭᠡᠭᠡᠨ ᠬᠢᠬᠦ᠎ᠠᠴᠠ ᠡᠮᠦᠨ᠎ᠡ ᠭᠦᠢ᠍ᠴᠡᠳ ᠪᠡᠯᠡᠳᠬᠡᠯ ᠬᠥᠳᠡᠯᠭᠡᠭᠡᠨ ᠬᠢᠵᠦ᠂ ᠪᠦᠬᠦ ᠪᠡᠶ᠎ᠡ ᠵᠢᠨ ᠦᠶ᠎ᠡ ᠭᠡᠰᠢᠭᠦᠦ᠂ ᠪᠤᠯᠴᠢᠩ ᠮᠢᠬ᠎ᠠ᠎ᠪᠠᠨ ᠲᠡᠨᠢᠢ᠍ᠯᠭᠡᠵᠦ᠂ ᠬᠥᠳᠡᠯᠭᠡᠭᠡᠨ᠎ᠤ ᠰᠢᠷᠬᠠᠲᠤᠯ᠎ᠤᠨ ᠲᠦᠭᠰᠢᠭᠦᠷᠢ ᠵᠢ ᠪᠠᠭ᠋ᠠᠰᠬᠠᠬᠤ ᠬᠡᠷᠡᠭᠲᠡᠢ᠃ ᠭᠡᠨᠡᠳᠲᠡ ᠰᠢᠷᠦᠭᠦᠨ ᠭᠦᠶᠦᠵᠦ ᠦᠰᠦᠷᠬᠦ ᠵᠡᠷᠭᠡ᠎ᠠᠴᠠ ᠵᠠᠢ᠌ᠯᠠᠰᠬᠢᠵᠦ᠂ ᠥᠨᠳᠥᠷ ᠬᠦᠴᠦᠯᠡᠴᠡ᠎ᠲᠠᠢ ᠬᠥᠳᠡᠯᠭᠡᠭᠡᠨ᠎ᠤ ᠳᠤᠮᠳᠠ ᠬᠥᠳᠡᠯᠭᠡᠭᠡᠨ᠎ᠤ ᠬᠠᠮᠠᠭ᠋ᠠᠯᠠᠬᠤ ᠪᠠᠭ᠋ᠠᠵᠢ ᠵᠡᠭᠦᠵᠦ᠂ ᠪᠤᠯᠴᠢᠩ ᠮᠢᠬ᠎ᠠ ᠪᠠ ᠦᠶ᠎ᠡ ᠭᠡᠰᠢᠭᠦᠦ ᠵᠢᠨ ᠬᠠᠮᠠᠭ᠋ᠠᠯᠠᠯᠲᠠ ᠵᠢ ᠴᠢᠩᠭ᠋ᠠᠳᠬᠠᠬᠤ ᠬᠡᠷᠡᠭᠳᠡᠢ ᠭᠡᠪᠡ᠃
    ᠬᠤᠨᠠᠨ ᠮᠤᠵᠢ ᠵᠢᠨ ᠬᠣᠶᠠᠳᠤᠭ᠋ᠠᠷ ᠠᠷᠠᠳ᠎ᠤᠨ ᠡᠮᠨᠡᠯᠭᠡ ᠵᠢᠨ ᠬᠣᠷᠢᠶᠠᠨ᠎ᠤ ᠤᠬᠠᠭ᠋ᠠᠨ ᠮᠡᠳᠡᠷᠡᠯ᠎ᠤᠨ ᠡᠪᠡᠳᠴᠢᠨ᠎ᠤ ᠬᠢᠲᠠᠳ á ¡á ® ᠡᠮᠨᠡᠯᠭᠡ ᠵᠢᠨ ᠡᠮᠴᠢᠯᠡᠭᠡᠨ᠎ᠤ ᠲᠥᠪ᠎ᠤᠨ ᠡᠷᠬᠢᠯᠡᠭᠴᠢ á ¶á  á © ᠫᠢᠩ ᠰᠠᠨᠠᠭᠤᠯᠬᠤ᠎ᠳᠠᠭᠠᠨ᠂ ᠰᠢᠯᠭ᠋ᠠᠭᠤᠯᠤᠭᠴᠢ ᠰᠢᠯᠭ᠋ᠠᠯᠲᠠ᠎ᠳᠤ ᠪᠡᠯᠡᠳᠬᠡᠵᠦ ᠪᠠᠢ᠌ᠬᠤ ᠬᠤᠭᠤᠴᠠᠭ᠋ᠠᠨ᠎ᠳᠠᠭᠠᠨ ᠪᠠᠴᠢᠮᠳᠠᠬᠤ ᠵᠡᠷᠭᠡ ᠪᠠᠢ᠌ᠳᠠᠯ á ­á  á ·á ´á ¤ ᠮᠡᠳᠡᠨ᠎ᠡ᠂ ᠡᠨᠡ᠎ᠨᠢ ᠬᠣᠳᠣᠭᠣᠳᠤ ᠳᠡᠯᠢᠭᠦᠦ ᠵᠢᠨ ᠴᠢᠳᠠᠮᠵᠢ ᠵᠢ ᠨᠥᠯᠥᠭᠡᠯᠡᠵᠦ ᠮᠡᠳᠡᠨ᠎ᠡ ᠭᠡᠵᠡᠢ᠃ ᠰᠢᠯᠭ᠋ᠠᠯᠲᠠ᠎ᠳᠤ ᠣᠢ᠌ᠷᠠᠳᠬᠤ ᠲᠤᠲᠤᠮ ᠰᠢᠯᠭ᠋ᠠᠭᠤᠯᠤᠭᠴᠢ ᠤᠯᠠᠮ ᠠᠭᠤᠵᠢᠭᠤ ᠲᠠᠯᠪᠢᠭᠤ ᠪᠠᠢ᠌ᠵᠤ᠂ ᠡᠩ᠎ᠤᠨ ᠦᠶ᠎ᠡ ᠵᠢᠨ ᠢᠳᠡᠭᠡᠨ ᠤᠮᠳᠠᠭ᠋ᠠᠨ᠎ᠤ ᠳᠠᠳᠬᠠᠯ ᠵᠶ᠋ᠠᠨ ᠬᠤᠪᠢᠷᠠᠭᠤᠯᠵᠤ ᠪᠣᠯᠬᠤ ᠦᠭᠡᠢ᠂ ᠬᠡᠲᠦᠷᠬᠡᠢ ᠠᠷᠪᠢᠨ ᠲᠣᠰᠣᠯᠢᠭ ᠢᠳᠡᠭᠡᠨ ᠢᠳᠡᠵᠦ ᠪᠣᠯᠬᠤ ᠦᠭᠡᠢ᠂ ᠢᠩᠭᠢᠪᠡᠯ ᠬᠣᠳᠣᠭᠣᠳᠤ ᠭᠡᠳᠡᠰᠦᠨ᠎ᠤ ᠳᠠᠷᠤᠭ᠋ᠠᠰᠤ ᠵᠢ ᠬᠦᠨᠳᠦᠷᠡᠭᠦᠯᠬᠦ᠎ᠠᠴᠠ ᠵᠠᠢ᠌ᠯᠠᠰᠬᠢᠵᠦ ᠴᠢᠳᠠᠨ᠎ᠠ᠃ ᠰᠢᠯᠭ᠋ᠠᠭᠤᠯᠤᠭᠴᠢ ᠭᠦᠢ᠍ᠴᠡᠳ ᠬᠡᠮᠵᠢᠶᠡᠨ᠎ᠤ ᠤᠭᠤᠷᠠᠭ ᠡᠳ᠋᠎ᠲᠠᠢ ᠪᠠᠢ᠌ᠬᠤ ᠵᠢ ᠪᠠᠲᠤᠯᠠᠵᠤ᠂ ᠵᠢᠭ᠋ᠠᠰᠤ ᠰᠠᠮ᠂ ᠬᠠᠷ᠎ᠠ ᠮᠢᠬ᠎ᠠ᠂ ᠲᠠᠬᠢᠶᠠᠨ ᠥᠨᠳᠡᠭᠡ᠂ ᠦᠨᠢᠶᠡᠨ ᠰᠦ᠂ ᠳ᠋ᠧᠦᠹᠦ᠋ ᠵᠡᠷᠭᠡ ᠵᠢ ᠵᠣᠬᠢᠬᠤ ᠬᠡᠮᠵᠢᠶ᠎ᠡ᠎ᠪᠠᠷ ᠢᠳᠡᠵᠦ᠂ ᠰᠢᠨ᠎ᠡ ᠰᠣᠷᠭᠣᠭ ᠢᠳᠡᠰᠢᠨ ᠨᠣᠭᠣᠭ᠎ᠠ᠎ᠲᠠᠢ ᠤᠶᠠᠯᠳᠤᠭᠤᠯᠤᠨ᠂ ᠺᠠᠯᠼ᠎ᠤᠨ ᠰᠢᠩᠭᠡᠭᠡᠯᠲᠡ ᠵᠢ ᠠᠬᠢᠭᠤᠯᠬᠤ ᠬᠡᠷᠡᠭᠲᠡᠢ ᠭᠡᠪᠡ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠡᠩᠬᠡᠪᠤᠯᠠᠭ — ᠠᠭᠳᠠ ᠵᠢᠨ ᠨᠢᠷᠤᠭᠤᠨ᠎ᠳᠤ ᠠᠮᠵᠢᠯᠳᠠ ᠬᠠᠷᠢᠭᠤᠴᠠᠯᠭ᠎ᠠ ᠵᠢ ᠮᠠᠨᠳᠤᠭᠤᠯᠤᠨ ᠶᠠᠪᠤᠨ᠎ᠡ
 
            