ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠦᠢᠯᠡᠴᠢᠯᠡᠭᠡ   -   ᠲᠠᠨ᠎ᠳᠤ ᠦᠢᠯᠡᠴᠢᠯᠡᠬᠦ᠌
ᠬᠠᠪᠤᠷ᠎ᠤᠨ ᠤᠯᠠᠷᠢᠯ᠎ᠳᠤ ᠲᠤᠬᠢᠷᠠᠬᠤ ᠪᠡᠶ᠎ᠡ ᠵᠢᠨ ᠲᠠᠮᠷᠢ᠎ᠤᠨ ᠬᠦᠳᠡᠯᠭᠡᠭᠡᠨ
ᠨᠡᠶ᠋ᠢᠲᠡᠯᠡᠭᠰᠡᠨ ᠴᠠᠭ᠄ 2023-03-03

    ᠨᠢᠭᠡ᠂ ᠰᠤᠯᠠ ᠠᠯᠬᠤᠬᠤ
    ᠰᠤᠯᠠ ᠠᠯᠬᠤᠬᠤ ᠪᠣᠯ   ᠬᠠᠮᠤᠭ ᠎ᠤᠨ   ᠠᠮᠤᠷ   ᠲᠦᠪᠰᠢᠨ᠂ ᠳᠥᠭᠥᠮ   ᠳᠥᠲᠡ   ᠲᠠᠮᠢᠷ᠎ᠤᠨ ᠬᠥᠳᠡᠯᠭᠡᠭᠡᠨ ᠪᠣᠯᠣᠨ᠎ᠠ᠃
    ᠪᠡᠶ᠎ᠡ ᠮᠠᠬᠠᠪᠤᠳ᠎ᠨᠢ ᠨᠡᠯᠢᠶᠡᠳ ᠰᠠᠢ᠌ᠨ ᠢᠳᠡᠷ ᠦᠲᠡᠯ᠎ᠡ ᠨᠠᠰᠤᠨ᠎ᠤ ᠬᠥᠮᠥᠰ ᠪᠠ ᠵᠠᠯᠠᠭᠤ ᠬᠥᠮᠥᠰ ᠬᠤᠷᠳᠤᠨ ᠠᠯᠬᠤᠬᠤ᠎ᠳᠤ ᠲᠣᠬᠢᠷᠠᠮᠵᠢᠲᠠᠢ᠂ ᠴᠠᠭ᠎ᠲᠤ 5~6 ᠺᠢᠯᠣᠮᠧᠲᠷ᠂ ᠮᠢᠨᠦ᠋ᠲ ᠪᠦᠷᠢ ᠪᠠᠷᠤᠭ 120 ᠠᠯᠬᠤᠮ ᠣᠷᠴᠢᠮ ᠠᠯᠬᠤᠨ᠎ᠡ᠃ ᠬᠤᠷᠳᠤᠨ ᠠᠯᠬᠤᠬᠤ ᠵᠢ ᠪᠠᠷᠢᠮᠲᠠᠯᠠᠪᠠᠯ ᠬᠥᠮᠥᠨ᠎ᠤ ᠪᠡᠶ᠎ᠡ ᠵᠢᠨ ᠵᠢᠷᠦᠬᠡ ᠠᠭᠤᠰᠬᠢᠨ᠎ᠤ ᠠᠵᠢᠯᠯᠠᠭ᠎ᠠ ᠵᠢ ᠳᠡᠭᠡᠭᠰᠢᠯᠡᠭᠦᠯᠵᠦ᠂ ᠪᠡᠶ᠎ᠡ ᠵᠢᠨ ᠥᠭᠡᠬᠦ ᠵᠢᠨ ᠨᠤᠷᠮ᠎ᠠ ᠵᠢ ᠪᠠᠭᠤᠷᠠᠭᠤᠯᠵᠤ᠂ ᠵᠢᠷᠦᠬᠡ ᠲᠠᠷᠢᠬᠢᠨ᠎ᠤ ᠴᠢᠰᠤᠨ ᠰᠤᠳᠠᠯ᠎ᠤᠨ ᠡᠪᠡᠳᠴᠢᠨ᠂ ᠰᠢᠬᠢᠷ ᠰᠢᠵᠢᠩ ᠡᠪᠡᠳᠴᠢᠨ᠂ ᠴᠢᠰᠤᠨ ᠳᠠᠷᠤᠯᠲᠠ ᠥᠨᠳᠥᠷ ᠵᠡᠷᠭᠡ ᠤᠳᠠᠭ᠋ᠠᠨ ᠴᠢᠨᠠᠷᠲᠠᠢ ᠡᠪᠡᠳᠴᠢᠨ ᠡᠭᠦᠰᠬᠦ ᠲᠣᠬᠢᠶᠠᠯᠳᠤᠮᠵᠢ ᠵᠢ ᠪᠠᠭ᠋ᠠᠰᠬᠠᠨ᠎ᠠ᠃
      ᠲᠠᠮᠢᠷ ᠲᠡᠩᠭᠡᠭᠡ ᠠᠨᠠᠢ ᠨᠠᠰᠤᠲᠠᠢ᠌ᠴᠤᠳ ᠮᠢᠨᠦ᠋ᠲ ᠪᠦᠷᠢ 80 ᠠᠯᠬᠤᠮ᠂ ᠴᠠᠭ᠎ᠲᠤ 2~3 ᠺᠢᠯᠣᠮᠧᠲᠷ ᠠᠯᠬᠤᠪᠠᠯ᠂ ᠰᠡᠳᠬᠢᠯ ᠰᠠᠨᠠᠭ᠎ᠠ ᠵᠢ ᠲᠣᠭᠲᠠᠪᠤᠷᠢᠵᠢᠭᠤᠯᠵᠤ᠂ ᠶᠠᠳᠠᠷᠠᠭ᠎ᠠ ᠵᠢ ᠲᠠᠢ᠌ᠯᠠᠬᠤ᠎ᠳᠤ ᠲᠤᠰᠠ ᠪᠣᠯᠬᠤ ᠪᠥᠭᠡᠳ ᠬᠣᠳᠣᠭᠣᠳᠤ ᠵᠢ ᠰᠠᠢ᠌ᠵᠢᠷᠠᠭᠤᠯᠵᠤ ᠰᠢᠩᠭᠡᠭᠡᠯᠲᠡ ᠵᠢ ᠰᠠᠢ᠌ᠵᠢᠷᠠᠭᠤᠯᠬᠤ ᠦᠢ᠍ᠯᠡᠳᠦᠯ᠎ᠲᠠᠢ ᠪᠠᠢ᠌ᠳᠠᠭ᠃
    ᠬᠣᠶᠠᠷ᠂ ᠰᠤᠨᠢᠶᠠᠬᠤ
    ᠰᠤᠨᠢᠶᠠᠬᠤ᠎ᠨᠢ ᠪᠡᠶ᠎ᠡ ᠵᠢᠨ ᠬᠣᠶᠠᠷ ᠲᠠᠯ᠎ᠠ ᠪᠠ á  á ·á ¤ ᠨᠢᠷᠤᠭᠤᠨ᠎ᠤ ᠪᠤᠯᠴᠢᠩ᠎ᠢ ᠰᠤᠩᠭ᠋ᠠᠵᠤ᠂ ᠪᠦᠬᠦ ᠪᠡᠶ᠎ᠡ ᠵᠢᠨ ᠴᠢᠰᠤᠨ᠎ᠤ ᠡᠷᠭᠢᠯᠲᠡ ᠵᠢ ᠠᠬᠢᠭᠤᠯᠤᠨ᠎ᠠ᠃ ᠶᠠᠳᠠᠷᠠᠬᠤ᠂ ᠪᠤᠯᠴᠢᠩ ᠮᠢᠬ᠎ᠠ ᠱᠠᠷᠬᠢᠷᠠᠨ ᠡᠪᠡᠳᠬᠦ ᠵᠢ ᠬᠥᠩᠭᠡᠷᠡᠭᠦᠯᠵᠦ᠂ ᠴᠡᠭᠡᠵᠢ ᠲᠡᠯᠡᠵᠦ á ¡á ª ᠦᠭᠡᠢ᠌ᠷᠡᠬᠦ᠂ ᠨᠢᠷᠤᠭᠤ ᠬᠡᠪᠡᠯᠢ ᠡᠪᠡᠳᠬᠦ ᠵᠡᠷᠭᠡ ᠡᠪᠡᠳᠴᠢᠨ᠎ᠤ ᠢᠯᠡᠷᠡᠯ᠎ᠢ ᠰᠠᠢ᠌ᠵᠢᠷᠠᠭᠤᠯᠤᠨ᠎ᠠ᠃
    ᠭᠤᠷᠪᠠ᠂ ᠠᠭ᠋ᠠᠵᠢᠮ ᠭᠦᠶᠦᠬᠦ
    ᠠᠭ᠋ᠠᠵᠢᠮ ᠭᠦᠶᠦᠬᠦ᠎ᠨᠢ ᠬᠦᠴᠢᠯᠲᠥ᠋ᠷᠥᠭᠴᠢ ᠰᠢᠩᠭᠡᠭᠡᠬᠦ ᠬᠡᠮᠵᠢᠶ᠎ᠡ ᠵᠢ ᠨᠡᠮᠡᠭᠳᠡᠭᠦᠯᠵᠦ᠂ ᠴᠢᠰᠤᠨ ᠳᠠᠷᠤᠯᠲᠠ ᠥᠨᠳᠥᠷᠵᠢᠬᠦ ᠵᠢ ᠪᠠᠭᠤᠷᠠᠭᠤᠯᠤᠨ᠂ ᠵᠢᠷᠦᠬᠡᠨ᠎ᠤ ᠠᠵᠢᠯᠯᠠᠭ᠎ᠠ ᠵᠢ ᠰᠠᠢ᠌ᠵᠢᠷᠠᠭᠤᠯᠤᠨ᠎ᠠ᠃
    ᠠᠭ᠋ᠠᠵᠢᠮ ᠬᠦᠶᠦᠬᠦ ᠬᠦᠮᠦᠨ ᠪᠣᠯᠪᠠᠰᠤᠷᠠᠯ᠎ᠤᠨ ᠬᠡᠮᠵᠢᠶ᠎ᠡ᠎ᠪᠠᠨ ᠦᠵᠡᠵᠦ ᠪᠠᠢ᠌ᠭ᠋ᠠᠳ᠂ ᠠᠭ᠋ᠠᠵᠢᠮ ᠬᠦᠶᠦᠬᠦ á ´á  á ­ ᠵᠶ᠋ᠠᠨ ᠲᠤᠭᠳᠠᠭ᠋ᠠᠨ᠎ᠠ᠃ ᠠᠩᠬ᠎ᠠ ᠡᠬᠢᠯᠡᠨ ᠪᠤᠯᠪᠠᠰᠤᠷᠠᠵᠦ ᠪᠠᠢ᠌ᠭ᠎ᠠ ᠬᠥᠮᠥᠨ ᠪᠤᠶᠤ ᠪᠡᠶ᠎ᠡ ᠵᠢᠨ ᠲᠠᠮᠢᠷ᠎ᠤᠨ ᠬᠥᠳᠡᠯᠭᠡᠭᠡᠨ ᠵᠶ᠋ᠡᠨ ᠨᠡᠯᠢᠶᠡᠳ ᠤᠷᠲᠤ ᠬᠤᠭᠤᠴᠠᠭ᠎ᠠ ᠵᠣᠭᠰᠣᠭᠰᠠᠨ ᠬᠥᠮᠥᠨ᠎ᠳᠤ ᠠᠪᠴᠤ ᠬᠡᠯᠡᠪᠡᠯ᠂ ᠡᠬᠢᠯᠡᠬᠦ᠎ᠳᠡᠭᠡᠨ 10~15 ᠮᠢᠨᠦ᠋ᠲ᠎ᠠᠴᠠ ᠬᠡᠲᠦᠷᠡᠵᠦ ᠪᠣᠯᠬᠤ ᠦᠭᠡᠢ᠂ ᠬᠦᠶᠦᠬᠦ ᠳᠤᠮᠳᠠ ᠠᠯᠭᠤᠷ ᠠᠯᠬᠤᠪᠠᠯ ᠰᠠᠢ᠌ᠨ᠃ ᠠᠭ᠋ᠠᠵᠢᠮ ᠭᠦᠶᠦᠬᠦ á ´á  á ­á Žá ¢ ᠨᠢᠭᠡ á °á  á ·á Žá   ᠵᠢᠨ ᠳᠣᠲᠣᠷ᠎ᠠ ᠠᠭ᠋ᠠᠵᠢᠮ ᠵᠶ᠋ᠠᠷ 20 ᠮᠢᠨᠦ᠋ᠲ ᠪᠣᠯᠭ᠋ᠠᠨ ᠳᠡᠭᠡᠭᠰᠢᠯᠡᠭᠦᠯᠵᠦ ᠪᠣᠯᠣᠨ᠎ᠠ᠃ ᠲᠡᠩᠳᠡᠬᠦᠦ ᠬᠤᠷᠳᠤᠨ   ᠬᠦᠶᠦᠵᠦ ᠪᠣᠯᠬᠤ ᠦᠭᠡᠢ᠃ ᠠᠮᠢᠰᠬᠤᠯ ᠵᠢᠭᠳᠡ ᠪᠠᠢ᠌ᠵᠤ ᠴᠢᠳᠠᠬᠤ ᠦᠭᠡᠢ ᠯᠡ ᠶᠤᠮ ᠪᠣᠯ ᠬᠤᠷᠳᠤᠴᠠ᠎ᠪᠠᠨ   ᠤᠳᠠᠭ᠋ᠠᠰᠢᠷᠠᠭᠤᠯᠨ᠎ᠡ᠃ ᠠᠭ᠋ᠠᠵᠢᠮ ᠭᠦᠶᠦᠬᠦ ᠬᠥᠳᠡᠯᠭᠡᠭᠡᠨ᠎ᠤ ᠵᠠᠩᠭᠢᠯᠠᠭ᠎ᠠ᠎ᠨᠢ ᠪᠠᠷᠢᠮᠲᠠᠯᠠᠬᠤ᠎ᠳᠤ ᠪᠤᠶ᠂ ᠳᠤᠮᠳᠠᠴᠢ᠎ᠪᠠᠷ ᠨᠢᠭᠡ ᠭᠠᠷᠠᠭ᠎ᠲᠤ 3 ᠤᠳᠠᠭ᠎ᠠ ᠪᠣᠯᠪᠠᠰᠤᠷᠠᠨ᠎ᠠ᠃

    ᠲᠦᠷᠪᠡ᠂ ᠴᠠᠭ᠋ᠠᠰᠤᠨ ᠰᠢᠪᠠᠭᠤ ᠨᠢᠰᠬᠡᠬᠦ
    ᠴᠠᠭ᠋ᠠᠰᠤᠨ ᠰᠢᠪᠠᠭᠤ ᠨᠢᠰᠬᠡᠬᠦ ᠦᠶ᠎ᠡ ᠵᠢᠨ ᠭᠦᠶᠦᠬᠦ᠂ ᠲᠠᠲᠠᠬᠤ ᠪᠠ ᠡᠵᠡᠮᠳᠡᠬᠦ᠎ᠨᠢ ᠪᠡᠶ᠎ᠡ ᠵᠢᠨ ᠳᠥᠷᠪᠡᠨ ᠮᠥᠴᠢ᠂ ᠶᠡᠬᠡ ᠲᠠᠷᠢᠬᠢ ᠪᠠ ᠨᠢᠳᠦᠨ᠎ᠤ ᠵᠣᠬᠢᠴᠠᠯᠳᠤᠯ᠎ᠢ ᠠᠬᠢᠭᠤᠯᠳᠠᠭ᠃ ᠴᠠᠭ᠋ᠠᠰᠤᠨ ᠰᠢᠪᠠᠭᠤ ᠥᠨᠳᠥᠷ᠎ᠲᠤ ᠨᠢᠰᠬᠦ ᠦᠶᠡᠰ ᠠᠯᠤᠰ᠎ᠢ ᠪᠠᠷᠠᠯᠠᠬᠤ᠎ᠳᠤ ᠬᠣᠶᠠᠷ ᠨᠢᠳᠦᠨ᠎ᠤ   ᠶᠠᠳᠠᠷᠠᠭ᠎ᠠ ᠵᠢ ᠲᠠᠢ᠌ᠯᠬᠤ᠎ᠪᠠᠷ ᠪᠠᠷᠠᠬᠤ ᠦᠭᠡᠢ ᠪᠠᠰᠠ ᠡᠯᠢᠭᠡ ᠵᠢ ᠲᠡᠵᠢᠭᠡᠨ᠎ᠡ᠃ ᠬᠦᠵᠦᠭᠦᠦ ᠭᠡᠳᠡᠶ᠋ᠢᠬᠦ᠎ᠨᠢ ᠬᠦᠵᠦᠭᠦᠦ á °á ¡á ­á ¡á ·á ‚ ᠪᠠᠭ᠋ᠠᠨ᠎ᠠ ᠨᠢᠷᠤᠭᠤᠨ᠎ᠤ ᠪᠤᠯᠴᠢᠩ᠎ᠤᠨ ᠲᠡᠯᠡᠬᠦ ᠬᠦᠴᠦᠨ᠎ᠢ ᠪᠠᠲᠤᠯᠠᠬᠤ᠎ᠳᠤ ᠬᠠᠪᠰᠤᠷᠤᠮᠵᠢ ᠪᠣᠯᠵᠤ᠂ ᠬᠦᠵᠦᠭᠦᠦ ᠰᠢᠯᠢ ᠵᠢᠨ ᠬᠡᠰᠡᠭ᠎ᠤᠨ ᠪᠤᠯᠴᠢᠩ᠎ᠢ ᠰᠤᠯᠠᠷᠠᠭᠤᠯᠵᠤ᠂ ᠬᠡᠰᠡᠭ ᠭᠠᠵᠠᠷ᠎ᠤᠨ ᠴᠢᠰᠤᠨ᠎ᠤ ᠡᠷᠭᠢᠯᠲᠡ ᠵᠢ ᠰᠠᠢ᠌ᠵᠢᠷᠠᠭᠤᠯᠬᠤ᠎ᠳᠤ ᠠᠰᠢᠭᠲᠠᠢ ᠪᠠᠢ᠌ᠳᠠᠭ᠃
    ᠴᠠᠭ᠋ᠠᠰᠤᠨ ᠰᠢᠪᠠᠭᠤ ᠨᠢᠰᠬᠡᠬᠦ ᠦᠶ᠎ᠡ᠎ᠳᠤ᠂ ᠢᠳᠡᠷ ᠦᠲᠡᠯ᠎ᠡ ᠨᠠᠰᠤᠨ᠎ᠤ ᠬᠥᠮᠥᠨ ᠪᠠ ᠬᠦᠵᠦᠭᠦᠦ ᠰᠡᠭᠡᠷ᠎ᠤᠨ ᠡᠪᠡᠳᠴᠢᠨ᠎ᠲᠠᠢ ᠬᠥᠮᠥᠨ ᠭᠡᠳᠡᠢ᠌ᠵᠦ ᠤᠳᠠᠭ᠋ᠠᠨ ᠰᠠᠭᠤᠬᠤ ᠦᠭᠡᠢ ᠪᠠᠢ᠌ᠬᠤ ᠵᠢ ᠠᠩᠬᠠᠷᠬᠤ ᠬᠡᠷᠡᠭᠲᠡᠢ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠴᠠᠭ᠋ᠠᠰᠤᠨ ᠰᠢᠪᠠᠭᠤ ᠨᠢᠰᠬᠡᠬᠦ᠎ᠳᠤ ᠶᠠᠭᠤ ᠵᠢ ᠠᠩᠬᠠᠷᠬᠤ ᠬᠡᠷᠡᠭᠳᠡᠢ ᠪᠣᠶ?
ᠮᠠᠷᠢᠶ᠎ᠡ ᠰᠢᠭᠤᠷᠠᠭᠤᠯᠬᠤ ᠪᠠ ᠲᠠᠮᠢᠷ᠎ᠤᠨ ᠬᠦᠳᠡᠯᠭᠡᠭᠡᠨ
ᠬᠥᠩᠭᠡᠨ ᠪᠡᠶ᠎ᠡ ᠵᠢᠨ ᠲᠠᠮᠢᠷ᠎ᠤᠨ ᠬᠥᠳᠡᠯᠭᠡᠭᠡᠨ᠎ᠨᠢ ᠶᠡᠬᠡ ᠲᠡᠭᠡᠳᠦ ᠰᠤᠷᠭ᠋ᠠᠭᠤᠯᠢ᠎ᠳᠤ ᠰᠢᠯᠭ᠋ᠠᠭᠤᠯᠬᠤ ᠰᠢᠯᠭ᠋ᠠᠯᠳᠠ ᠵᠢᠨ ᠲᠠᠷᠤᠭ᠋ᠠᠰᠦ ᠵᠢ ᠬᠦᠩᠭᠡᠷᠡᠭᠦᠯᠦᠨ᠎ᠡ
ᠡᠨᠡ ᠬᠥᠳᠡᠯᠭᠡᠭᠡᠨ᠎ᠢ ᠡᠳᠦᠷ ᠪᠦᠷᠢ ᠪᠠᠷᠢᠮᠳᠠᠯᠠᠵᠦ ᠪᠠᠢ
ᠲᠠᠮᠢᠷ᠎ᠤᠨ ᠬᠦᠳᠡᠯᠬᠡᠬᠡᠨ ᠵᠶ᠋ᠠᠷ ᠬᠠᠨᠤᠭ᠎ᠠ ᠦᠭᠡᠢ ᠨᠤᠢ᠌ᠷ ᠵᠶ᠋ᠠᠨ ᠨᠦᠬᠦᠪᠦᠷᠢᠯᠡᠵᠤ ᠪᠤᠯᠳᠠᠭ
 
            