ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠤᠯᠢᠮᠫᠢᠺ᠎ᠤᠨ ᠪᠡᠯᠬᠡ ᠳᠡᠮᠳᠡᠭ᠎ᠤᠨ ᠬᠠᠮᠠᠭ᠋ᠠᠯᠠᠯᠳᠠ ᠵᠢᠨ ᠳᠦᠷᠢᠮ
ᠨᠡᠶ᠋ᠢᠲᠡᠯᠡᠭᠰᠡᠨ ᠴᠠᠭ᠄ 2019-02-20

        ᠤᠯᠢᠮᠫᠢᠺ᠎ᠤᠨ ᠪᠡᠯᠬᠡ ᠳᠡᠮᠳᠡᠭ᠎ᠤᠨ ᠬᠠᠮᠠᠭ᠋ᠠᠯᠠᠯᠳᠠ ᠵᠢᠨ ᠳᠦᠷᠢᠮ

    ᠨᠢᠭᠡᠳᠦᠭᠡᠷ ᠵᠤᠷᠪᠤᠰ   ᠤᠯᠢᠮᠫᠢᠺ᠎ᠤᠨ ᠪᠡᠯᠬᠡ ᠳᠡᠮᠳᠡᠭ᠎ᠤᠨ ᠬᠠᠮᠠᠭ᠋ᠠᠯᠠᠯᠳᠠ ᠵᠢ ᠴᠢᠩᠭ᠋ᠠᠳᠬᠠᠵᠤ᠂ ᠤᠯᠢᠮᠫᠢᠺ᠎ᠤᠨ ᠪᠡᠯᠬᠡ ᠳᠡᠮᠳᠡᠭ᠎ᠤᠨ ᠡᠷᠬᠡ ᠠᠰᠢᠭ᠎ᠤᠨ ᠬᠦᠮᠦᠨ᠎ᠤ ᠬᠠᠤᠯᠢ   ᠶᠤᠰᠤᠨ᠎ᠤ ᠡᠷᠬᠡ ᠠᠰᠢᠭ᠎ᠢ ᠬᠠᠮᠠᠭ᠋ᠠᠯᠠᠵᠤ᠂ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠨᠡᠷ᠎ᠡ ᠬᠦᠨᠳᠦ ᠵᠢ ᠬᠠᠮᠠᠭ᠋ᠠᠯᠠᠬᠤ ᠵᠢᠨ ᠳᠥᠯᠥᠬᠡ ᠳᠤᠰ   ᠲᠦᠷᠢᠮ᠎ᠢ ᠳᠤᠭᠳᠠᠭ᠋ᠠᠪᠠ᠃
    ᠬᠤᠶᠠᠳᠤᠭ᠋ᠠᠷ ᠵᠤᠷᠪᠤᠰ   ᠳᠤᠰ   ᠳᠦᠷᠢᠮ  á Žá ³á  á ¬á ¢   ᠤᠯᠢᠮᠫᠢᠺ  á Žá ¤á ¨   ᠪᠡᠯᠭᠡ   ᠲᠡᠮᠳᠡᠭ  á Žá ¤á ¨   ᠬᠠᠮᠠᠭ᠋ᠠᠯᠠᠯᠳᠠ   ᠭᠡᠳᠡᠭ  á Žá ¨á ¢á „ (ᠨᠢᠭᠡ) ᠤᠯᠠᠨ ᠤᠯᠤᠰ᠎ᠤᠨ ᠤᠯᠢᠮᠫᠢᠺ᠎ᠤᠨ ᠵᠦᠪᠯᠡᠯ᠎ᠤᠨ ᠤᠯᠢᠮᠫᠢᠺ᠎ᠤᠨ ᠳᠠᠪᠤᠨ ᠴᠠᠭ᠋ᠠᠷᠢᠭ᠎ᠤᠨ ᠵᠢᠷᠤᠭ ᠳᠦᠰᠦᠪ᠎ᠤᠨ ᠳᠡᠮᠳᠡᠭ᠂ ᠤᠯᠢᠮᠫᠢᠺ᠎ᠤᠨ ᠳᠤᠭ᠂ ᠤᠯᠢᠮᠫᠢᠺ᠎ᠤᠨ   ᠰᠣᠷᠭ᠋ᠠᠯ ᠦᠭᠡ᠂ ᠤᠯᠢᠮᠫᠢᠺ᠎ᠤᠨ ᠰᠥᠯᠳᠡ᠂ ᠤᠯᠢᠮᠫᠢᠺ᠎ᠤᠨ ᠳᠠᠭᠤᠤ᠃ (ᠬᠤᠶᠠᠷ) ᠤᠯᠢᠮᠫᠢᠺ᠂ ᠤᠯᠢᠮᠫᠢᠶ᠎ᠠ᠂ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ ᠵᠢᠴᠢ ᠳᠦᠬᠦᠮᠴᠢᠯᠡᠭᠰᠡᠨ ᠨᠡᠷᠡᠢ᠌ᠳᠥᠯ ᠵᠡᠷᠭᠡ ᠳᠤᠰᠬᠠᠢ ᠨᠡᠷᠡᠢ᠌ᠳᠦᠯ᠃ (ᠭᠤᠷᠪᠠ) ᠳᠤᠮᠳᠠᠳᠤ ᠤᠯᠤᠰ᠎ᠤᠨ ᠤᠯᠢᠮᠫᠢᠺ᠎ᠤᠨ ᠵᠦᠪᠯᠡᠯ᠎ᠤᠨ ᠨᠡᠷᠡᠢ᠌ᠳᠥᠯ᠂ ᠰᠥᠯᠳᠡ᠂ ᠳᠡᠮᠳᠡᠭ᠃ (ᠳᠦᠷᠪᠡ) ᠪᠡᠭᠡᠵᠢᠩ᠎ᠤᠨ 2008 ᠤᠨ᠎ᠤ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠭᠤᠶᠤᠴᠢᠯᠠᠨ ᠡᠷᠬᠢᠯᠡᠬᠦ ᠵᠦᠪᠯᠡᠯ᠎ᠤᠨ ᠨᠡᠷᠡᠢ᠌ᠳᠥᠯ᠂ ᠰᠥᠯᠳᠡ᠂ ᠳᠡᠮᠳᠡᠭ᠃ (ᠳᠠᠪᠤ) 29 ᠳ᠋ᠤᠭᠡᠷ ᠬᠤᠭᠤᠴᠠᠭ᠋ᠠᠨ᠎ᠤ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠵᠤᠬᠢᠶᠠᠨ ᠪᠠᠢ᠌ᠭᠤᠯᠬᠤ ᠵᠦᠪᠯᠡᠯ᠎ᠤᠨ ᠨᠡᠷᠡᠢ᠌ᠳᠥᠯ᠂ ᠰᠥᠯᠳᠡ᠂ 29 ᠳ᠋ᠤᠭᠡᠷ ᠬᠤᠭᠤᠴᠠᠭ᠋ᠠᠨ᠎ᠤ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ   ᠦᠯᠵᠡᠢ᠌ᠳᠦ ᠠᠮᠢᠳᠠᠨ᠂ ᠳᠠᠭᠤᠤ᠂ ᠤᠷᠢᠶ᠎ᠠ᠂ 《ᠪᠡᠭᠡᠵᠢᠩ 2008》᠂ 29 ᠳ᠋ᠤᠭᠡᠷ ᠬᠤᠭᠤᠴᠠᠭ᠋ᠠᠨ᠎ᠤ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ ᠵᠢᠴᠢ ᠳᠦᠬᠦᠮᠴᠢᠯᠡᠭᠰᠡᠨ ᠨᠡᠷᠡᠢ᠌ᠳᠥᠯ ᠵᠡᠷᠭᠡ ᠳᠡᠮᠳᠡᠭ᠃ (ᠵᠢᠷᠭᠤᠭ᠎ᠠ) 《ᠤᠯᠢᠮᠫᠢᠺ᠎ᠤᠨ ᠳᠤᠩᠬᠠᠭ》 ᠪᠤᠯᠤᠨ 《29 ᠳ᠋ᠤᠭᠡᠷ ᠬᠤᠭᠤᠴᠠᠭ᠋ᠠᠨ᠎ᠤ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠭᠤᠤᠯᠯᠠᠨ ᠡᠷᠬᠢᠯᠡᠬᠦ ᠬᠤᠳᠠ ᠵᠢᠨ ᠭᠡᠷ᠎ᠡ》᠎ᠳᠤ ᠳᠤᠭᠳᠠᠭ᠋ᠠᠭᠰᠠᠨ ᠪᠤᠰᠤᠳ 29 ᠳ᠋ᠤᠭᠡᠷ ᠬᠤᠭᠤᠴᠠᠭ᠋ᠠᠨ᠎ᠤ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠬᠤᠯᠪᠤᠭᠳᠠᠯ ᠪᠦᠬᠦᠢ ᠳᠡᠮᠳᠡᠭ᠃
    ᠭᠤᠷᠪᠠᠳᠤᠭ᠋ᠠᠷ ᠵᠤᠷᠪᠤᠰ   ᠳᠤᠰ ᠳᠦᠷᠢᠮ᠎ᠳᠠᠬᠢ   ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ ᠭᠡᠳᠡᠭ᠎ᠨᠢ ᠤᠯᠠᠨ ᠤᠯᠤᠰ᠎ᠤᠨ ᠤᠯᠢᠮᠫᠢᠺ᠎ᠤᠨ ᠵᠦᠪᠯᠡᠯ᠂ ᠳᠤᠮᠳᠠᠳᠤ ᠤᠯᠤᠰ᠎ᠤᠨ ᠤᠯᠢᠮᠫᠢᠺ᠎ᠤᠨ ᠵᠦᠪᠯᠡᠯ ᠪᠤᠯᠤᠨ 29 ᠳ᠋ᠤᠭᠡᠷ ᠬᠤᠭᠤᠴᠠᠭ᠋ᠠᠨ᠎ᠤ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠵᠤᠬᠢᠶᠠᠨ ᠪᠠᠢ᠌ᠭᠤᠯᠬᠤ ᠵᠦᠪᠯᠡᠯ᠎ᠢ ᠵᠢᠭ᠋ᠠᠵᠤ ᠪᠠᠢ᠌ᠨ᠎ᠠ᠃ ᠤᠯᠠᠨ ᠤᠯᠤᠰ᠎ᠤᠨ ᠤᠯᠢᠮᠫᠢᠺ᠎ᠤᠨ ᠵᠦᠪᠯᠡᠯ᠂ ᠳᠤᠮᠳᠠᠳᠤ ᠤᠯᠤᠰ᠎ᠤᠨ ᠤᠯᠢᠮᠫᠢᠺ᠎ᠤᠨ ᠵᠦᠪᠯᠡᠯ ᠪᠤᠯᠤᠨ 29 ᠳ᠋ᠤᠭᠡᠷ ᠬᠤᠭᠤᠴᠠᠭ᠋ᠠᠨ᠎ᠤ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠵᠤᠬᠢᠶᠠᠨ ᠪᠠᠢ᠌ᠭᠤᠯᠬᠤ ᠵᠦᠪᠯᠡᠯ᠎ᠤᠨ ᠬᠤᠭᠤᠷᠤᠨᠳᠤᠬᠢ ᠡᠷᠬᠡ ᠵᠢ 《ᠤᠯᠢᠮᠫᠢᠺ᠎ᠤᠨ ᠳᠤᠩᠬᠠᠭ》 ᠪᠤᠯᠤᠨ 《29 ᠳ᠋ᠤᠭᠡᠷ ᠬᠤᠭᠤᠴᠠᠭ᠋ᠠᠨ᠎ᠤ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠭᠤᠤᠯᠯᠠᠨ ᠡᠷᠬᠢᠯᠡᠬᠦ ᠬᠤᠳᠠ ᠵᠢᠨ ᠭᠡᠷ᠎ᠡ》᠎ᠪᠠᠷ ᠳᠤᠭᠳᠠᠭ᠋ᠠᠨ᠎ᠠ᠃
    ᠳᠦᠷᠪᠡᠳᠦᠭᠡᠷ ᠵᠤᠷᠪᠤᠰ   ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠨᠢ ᠳᠤᠰ ᠳᠦᠷᠢᠮ ᠵᠶ᠋ᠡᠷ   ᠤᠯᠢᠮᠫᠢᠺ᠎ᠤᠨ ᠪᠡᠯᠭᠡ ᠲᠡᠮᠳᠡᠭ᠎ᠲᠤ ᠳᠤᠰᠬᠠᠢ᠌ᠵᠢᠭᠰᠠᠨ ᠡᠷᠭᠡ᠎ᠲᠠᠢ᠃   ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠤ ᠵᠦᠪᠰᠢᠶᠡᠷᠡᠯ ᠦᠭᠡᠢ᠎ᠪᠠᠷ ᠶᠠᠮᠠᠷᠪᠠ ᠠᠷᠠᠯᠵᠢᠶᠠᠨ᠎ᠤ ᠵᠤᠷᠢᠯᠭ᠎ᠠ (ᠳᠠᠯᠳᠠ ᠠᠷᠠᠯᠵᠢᠶᠠᠨ᠎ᠤ ᠵᠤᠷᠢᠯᠭ᠎ᠠ ᠵᠢ ᠪᠠᠭᠳᠠᠭ᠋ᠠᠨ᠎ᠠ᠂ ᠳᠤᠷᠤᠭᠰᠢ ᠠᠳᠠᠯᠢ)᠎ᠪᠠᠷ   ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠵᠦ ᠪᠤᠯᠬᠤ ᠦᠭᠡᠢ᠃
    ᠳᠠᠪᠤᠳᠤᠭ᠋ᠠᠷ ᠵᠤᠷᠪᠤᠰ   ᠳᠤᠰ ᠳᠦᠷᠢᠮ᠎ᠳᠠᠬᠢ ᠠᠷᠠᠯᠵᠢᠶᠠᠨ᠎ᠤ ᠵᠤᠷᠢᠯᠭ᠎ᠠ᠎ᠲᠠᠢ ᠭᠡᠷᠡᠭᠯᠡᠬᠦ ᠭᠡᠳᠡᠭ᠎ᠨᠢ ᠠᠰᠢᠭ ᠤᠷᠤᠯᠭ᠎ᠠ᠎ᠪᠠᠷ ᠵᠤᠷᠢᠯᠭ᠎ᠠ ᠪᠤᠯᠭ᠋ᠠᠵᠤ᠂ ᠳᠤᠤᠷᠡᠬᠢ ᠮᠡᠲᠦ᠎ᠪᠠᠷ   ᠤᠯᠢᠮᠫᠢᠺ᠎ᠤᠨ ᠪᠡᠯᠭᠡ ᠲᠡᠮᠳᠡᠭ᠎ᠢ ᠠᠰᠢᠭᠯᠠᠬᠤ ᠵᠢ ᠵᠢᠭ᠋ᠠᠵᠤ ᠪᠤᠢ᠄ (ᠨᠢᠭᠡ)   ᠤᠯᠢᠮᠫᠢᠺ᠎ᠤᠨ ᠪᠡᠯᠭᠡ ᠲᠡᠮᠳᠡᠭ᠎ᠢ ᠪᠦᠳᠦᠭᠡᠭᠳᠡᠬᠦᠨ᠂ ᠪᠦᠳᠦᠭᠡᠭᠳᠡᠬᠦᠨ᠎ᠤ ᠪᠤᠭᠤᠳᠠᠯ ᠪᠤᠶᠤ ᠰᠠᠪᠠ ᠵᠢᠴᠢ ᠪᠦᠳᠦᠭᠡᠭᠳᠡᠬᠦᠨ᠎ᠤ ᠠᠷᠠᠯᠵᠢᠶᠠᠨ᠎ᠤ ᠪᠢᠴᠢᠭ ᠮᠠᠲᠸᠷᠢᠶᠠᠯ᠎ᠳᠤ ᠭᠡᠷᠡᠭᠯᠡᠬᠦ᠃ (ᠬᠤᠶᠠᠷ)   ᠤᠯᠢᠮᠫᠢᠺ᠎ᠤᠨ ᠪᠡᠯᠭᠡ ᠲᠡᠮᠳᠡᠭ᠎ᠢ ᠦᠢ᠍ᠯᠡᠴᠢᠯᠡᠬᠡᠨ᠎ᠤ ᠳᠥᠷᠥᠯ ᠵᠦᠢ᠍ᠯ᠎ᠳᠤ ᠭᠡᠷᠡᠭᠯᠡᠬᠦ᠃ (ᠭᠤᠷᠪᠠ)   ᠤᠯᠢᠮᠫᠢᠺ᠎ᠤᠨ ᠪᠡᠯᠭᠡ ᠲᠡᠮᠳᠡᠭ᠎ᠢ ᠵᠠᠷ ᠰᠤᠷᠳᠠᠯᠴᠢᠯᠠᠭ᠎ᠠ᠂ ᠪᠦᠳᠦᠭᠡᠭᠳᠡᠬᠦᠨ᠎ᠤ ᠦᠵᠡᠰᠬᠦᠯᠡᠩ᠂ ᠡᠵᠡᠩᠨᠡᠯᠳᠡ ᠵᠢᠨ ᠴᠢᠨᠡᠷᠳᠡᠢ ᠳᠤᠭᠯᠠᠯᠳᠠ ᠵᠢᠴᠢ ᠪᠤᠰᠤᠳ ᠠᠷᠠᠯᠵᠢᠶᠠᠨ᠎ᠤ ᠬᠦᠳᠡᠯᠭᠡᠭᠡᠨ᠎ᠳᠤ ᠭᠡᠷᠡᠭᠯᠡᠬᠦ᠃ (ᠳᠦᠷᠪᠡ)   ᠤᠯᠢᠮᠫᠢᠺ᠎ᠤᠨ ᠪᠡᠯᠭᠡ ᠲᠡᠮᠳᠡᠭ᠎ᠲᠠᠢ ᠪᠦᠳᠦᠭᠡᠭᠳᠡᠬᠦᠨ᠎ᠢ ᠪᠤᠷᠤᠯᠠᠭᠤᠯᠬᠤ᠂ ᠭᠠᠳᠠᠭ᠋ᠠᠳᠤ᠎ᠠᠴᠠ ᠤᠷᠤᠭᠤᠯᠬᠤ᠂ ᠭᠠᠳᠠᠭ᠋ᠠᠳᠤ᠎ᠳᠤ ᠭᠠᠷᠭ᠋ᠠᠬᠤ᠃ (ᠳᠠᠪᠤ)   ᠤᠯᠢᠮᠫᠢᠺ᠎ᠤᠨ ᠪᠡᠯᠭᠡ ᠲᠡᠮᠳᠡᠭ᠎ᠢ ᠦᠢ᠍ᠯᠡᠳᠪᠦᠷᠢᠯᠡᠬᠦ ᠪᠤᠶᠤ ᠪᠤᠷᠤᠯᠠᠭᠤᠯᠬᠤ᠃ (ᠵᠢᠷᠭᠤᠭ᠎ᠠ)   ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ  á Žá ²á  á ¢   ᠲᠡᠮᠵᠢᠯᠭᠡ ᠵᠢᠨ ᠪᠤᠶᠤ ᠪᠤᠰᠤᠳ ᠲᠠᠮᠵᠢᠬᠦ ᠬᠠᠷᠢᠯᠴᠠᠭ᠎ᠠ᠎ᠲᠠᠢ ᠭᠡᠵᠤ ᠬᠠᠷᠠᠭᠳᠠᠭᠤᠯᠬᠤ ᠵᠤᠷᠢᠯᠭ᠎ᠠ᠎ᠠᠴᠠ ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠬᠦ ᠪᠤᠰᠤᠳ ᠠᠵᠢᠯᠯᠠᠭ᠎ᠠ᠃
    ᠵᠢᠷᠭᠤᠳᠤᠭ᠋ᠠᠷ ᠵᠤᠷᠪᠤᠰ   ᠳᠦᠷᠦ ᠵᠢᠨ ᠶᠠᠪᠤᠳᠠᠯ᠎ᠤᠨ ᠬᠤᠷᠢᠶᠠᠨ᠎ᠤ   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠠᠴᠠ ᠳᠤᠰ ᠳᠦᠷᠢᠮ᠎ᠤᠨ ᠳᠤᠭᠳᠠᠭ᠋ᠠᠯ᠎ᠢ ᠦᠨᠳᠦᠰᠦᠯᠡᠨ ᠪᠦᠬᠦ ᠤᠯᠤᠰ᠎ᠤᠨ   ᠤᠯᠢᠮᠫᠢᠺ᠎ᠤᠨ ᠪᠡᠯᠭᠡ ᠲᠡᠮᠳᠡᠭ᠎ᠢ ᠬᠠᠮᠠᠭ᠋ᠠᠯᠠᠬᠤ ᠠᠵᠢᠯ᠎ᠢ ᠬᠠᠷᠢᠭᠤᠴᠠᠨ᠎ᠠ᠃ ᠰᠢᠶᠠᠨ᠎ᠤ ᠳᠠᠰ᠎ᠠᠴᠠ ᠳᠡᠭᠡᠭᠰᠢᠬᠢ ᠭᠠᠵᠠᠷ᠎ᠤᠨ   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ   ᠳᠤᠰ ᠳᠦᠷᠢᠮ᠎ᠤᠨ ᠳᠤᠭᠳᠠᠭ᠋ᠠᠯ᠎ᠢ ᠦᠨᠳᠦᠰᠦᠯᠡᠨ᠂ ᠳᠤᠬᠠᠢ ᠵᠢᠨ ᠵᠠᠰᠠᠭ ᠵᠠᠬᠢᠷᠭ᠋ᠠᠨ᠎ᠤ   ᠤᠷᠤᠨ ᠨᠤᠳᠤᠭ᠎ᠲᠠᠬᠢ   ᠤᠯᠢᠮᠫᠢᠺ᠎ᠤᠨ ᠪᠡᠯᠭᠡ ᠲᠡᠮᠳᠡᠭ᠎ᠢ ᠬᠠᠮᠠᠭ᠋ᠠᠯᠠᠬᠤ ᠠᠵᠢᠯ᠎ᠢ ᠬᠠᠷᠢᠭᠤᠴᠠᠨ᠎ᠠ᠃
    ᠳᠤᠯᠤᠳᠤᠭ᠋ᠠᠷ ᠵᠤᠷᠪᠤᠰ   ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠨᠢ   ᠤᠯᠢᠮᠫᠢᠺ᠎ᠤᠨ ᠪᠡᠯᠭᠡ ᠲᠡᠮᠳᠡᠭ ᠵᠶ᠋ᠡᠨ ᠳᠦᠷᠦ ᠵᠢᠨ ᠶᠠᠪᠤᠳᠠᠯ᠎ᠤᠨ ᠬᠤᠷᠢᠶᠠᠨ᠎ᠤ   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ  á Žá ²á ¤ ᠮᠡᠳᠡᠬᠦᠯᠤᠨ ᠳᠠᠩᠰᠠᠯᠠᠵᠤ᠂ ᠳᠦᠷᠦ ᠵᠢᠨ ᠶᠠᠪᠤᠳᠠᠯ᠎ᠤᠨ ᠬᠤᠷᠢᠶᠠᠨ᠎ᠤ   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ ᠵᠶ᠋ᠡᠷ   ᠵᠠᠷᠯᠠᠭᠤᠯᠬᠤ ᠬᠡᠷᠡᠭᠳᠡᠢ᠃
    ᠨᠠᠢ᠍ᠮᠠᠳᠤᠭ᠋ᠠᠷ ᠵᠤᠷᠪᠤᠰ   ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠤ ᠵᠦᠪᠰᠢᠶᠡᠷᠡᠯ᠎ᠢ ᠤᠯᠵᠤ ᠠᠷᠠᠯᠵᠢᠶᠠᠨ᠎ᠤ ᠵᠤᠷᠢᠯᠭ᠎ᠠ᠎ᠪᠠᠷ   ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠭᠴᠢ᠎ᠨᠢ   ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠲᠠᠢ ᠭᠡᠷᠡᠭᠯᠡᠬᠦ á ­á ¡á ·á Žá ¡ ᠳᠤᠭᠳᠠᠬᠤ ᠶᠤᠰᠤᠳᠠᠢ᠃ ᠡᠬᠦᠨ᠎ᠳᠤ᠂ ᠳᠤᠰ ᠳᠦᠷᠢᠮ᠎ᠤᠨ ᠬᠤᠶᠠᠳᠤᠭ᠋ᠠᠷ ᠵᠤᠷᠪᠤᠰ᠎ᠤᠨ ᠨᠢᠭᠡᠳᠦᠭᠡᠷ ᠵᠦᠢ᠍ᠯ᠂ ᠬᠤᠶᠠᠳᠤᠭ᠋ᠠᠷ ᠵᠦᠢ᠍ᠯ᠎ᠳᠤ ᠳᠤᠭᠳᠠᠭ᠋ᠠᠭᠰᠠᠨ ᠵᠶ᠋ᠡᠷ   ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠭᠴᠢ᠎ᠨᠢ ᠤᠯᠠᠨ ᠤᠯᠤᠰ᠎ᠤᠨ ᠤᠯᠢᠮᠫᠢᠺ᠎ᠤᠨ ᠵᠦᠪᠯᠡᠯ ᠵᠢᠴᠢ ᠡᠷᠬᠡ ᠤᠯᠭᠤᠭᠰᠠᠨ ᠪᠤᠶᠤ ᠵᠦᠪᠰᠢᠶᠡᠷᠡᠭᠰᠡᠨ ᠪᠠᠢ᠌ᠭᠤᠯᠤᠯᠭ᠎ᠠ᠎ᠲᠠᠢ á ­á ¡á ·á Žá ¡ ᠳᠤᠭᠳᠠᠬᠤ ᠶᠤᠰᠤᠳᠠᠢ᠃ ᠳᠤᠰ ᠳᠦᠷᠢᠮ᠎ᠤᠨ ᠬᠤᠶᠠᠳᠤᠭ᠋ᠠᠷ ᠵᠤᠷᠪᠤᠰ᠎ᠤᠨ ᠭᠤᠷᠪᠠᠳᠤᠭ᠋ᠠᠷ ᠵᠦᠢ᠍ᠯ᠎ᠳᠤ ᠳᠤᠭᠳᠠᠭ᠋ᠠᠭᠰᠠᠨ ᠵᠶ᠋ᠡᠷ   ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠭᠴᠢ᠎ᠨᠢ ᠳᠤᠮᠳᠠᠳᠤ ᠤᠯᠤᠰ᠎ᠤᠨ ᠤᠯᠢᠮᠫᠢᠺ᠎ᠤᠨ ᠵᠦᠪᠯᠡᠯ᠎ᠲᠠᠢ á ­á ¡á ·á Žá ¡ ᠳᠤᠭᠳᠠᠬᠤ ᠶᠤᠰᠤᠳᠠᠢ᠃ ᠳᠤᠰ ᠳᠦᠷᠢᠮ᠎ᠤᠨ ᠬᠤᠶᠠᠳᠤᠭ᠋ᠠᠷ ᠵᠤᠷᠪᠤᠰ᠎ᠤᠨ ᠳᠦᠷᠪᠡᠳᠦᠭᠡᠷ ᠵᠦᠢ᠍ᠯ᠂ ᠳᠠᠪᠤᠳᠤᠭ᠋ᠠᠷ ᠵᠦᠢ᠍ᠯ᠂ ᠵᠢᠷᠭᠤᠳᠤᠭ᠋ᠠᠷ ᠵᠦᠢ᠍ᠯ᠎ᠳᠤ ᠳᠤᠭᠳᠠᠭ᠋ᠠᠭᠰᠠᠨ ᠵᠶ᠋ᠡᠷ   ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠭᠴᠢ᠎ᠨᠢ 2008 ᠤᠨ᠎ᠤ 12 á °á  á ·á Žá   ᠵᠢᠨ 31á Žá ¤ ᠡᠳᠦᠷ᠎ᠠᠴᠠ ᠡᠮᠦᠨ᠎ᠡ 29 ᠳ᠋ᠤᠭᠡᠷ ᠬᠤᠭᠤᠴᠠᠭ᠋ᠠᠨ᠎ᠤ ᠤᠯᠢᠮᠫᠢᠺ᠎ᠤᠨ ᠪᠠᠶ᠎ᠠ ᠵᠢᠨ ᠳᠠᠮᠢᠷ᠎ᠤᠨ ᠴᠤᠭᠯᠠᠭ᠋ᠠᠨ᠎ᠤ ᠵᠦᠪᠯᠡᠯ᠎ᠲᠠᠢ á ­á ¡á ·á Žá ¡ ᠳᠤᠭᠳᠠᠬᠤ ᠶᠤᠰᠤᠳᠠᠢ᠃   ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠨᠢ ᠭᠡᠷᠡᠭᠯᠡᠬᠦ ᠵᠢ ᠵᠦᠪᠰᠢᠶᠡᠷᠡᠭᠰᠡᠨ ᠭᠡᠷ᠎ᠡ᠎ᠪᠠᠨ ᠳᠦᠷᠦ ᠵᠢᠨ ᠶᠠᠪᠤᠳᠠᠯ᠎ᠤᠨ ᠬᠤᠷᠢᠶᠠᠨ᠎ᠤ   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ  á Žá ²á ¤ ᠮᠡᠳᠡᠬᠦᠯᠤᠨ ᠳᠠᠩᠰᠠᠯᠠᠬᠤ ᠶᠤᠰᠤᠳᠠᠢ᠃ ᠡᠮᠦᠨᠡᠬᠢ ᠵᠤᠷᠪᠤᠰ᠎ᠲᠤ ᠳᠤᠭᠳᠠᠭ᠋ᠠᠭᠰᠠᠨ᠎ᠢ ᠦᠨᠳᠦᠰᠦᠯᠡᠨ ᠵᠦᠪᠰᠢᠶᠡᠷᠡᠭᠰᠡᠨ á ­á ¡á ·á Žá ¡ ᠵᠢ ᠭᠡᠷᠡᠭᠯᠡᠬᠦ᠎ᠳᠤ ᠵᠦᠪᠰᠢᠶᠡᠷᠡᠭᠳᠡᠭᠰᠡᠨ ᠬᠦᠮᠦᠨ᠎ᠨᠢ ᠵᠦᠪᠬᠡᠨ ᠭᠡᠷ᠎ᠡ᠎ᠳᠤ ᠳᠤᠭᠳᠠᠭ᠋ᠠᠭᠰᠠᠨ ᠭᠠᠵᠠᠷ ᠤᠷᠤᠨ᠎ᠤ ᠬᠡᠪᠴᠢᠶ᠎ᠡ ᠪᠠ ᠬᠤᠭᠤᠴᠠᠭ᠋ᠠᠨ ᠳᠤᠳᠤᠷ᠎ᠡ   ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠨ᠎ᠡ᠃
    ᠶᠢᠰᠦᠳᠦᠬᠡᠷ ᠵᠤᠷᠪᠤᠰ   ᠳᠤᠰ ᠳᠦᠷᠢᠮ᠎ᠢ ᠭᠡᠷᠡᠭᠵᠢᠬᠦᠯᠬᠦ᠎ᠠᠴᠠ ᠡᠮᠦᠨ᠎ᠡ ᠨᠢᠭᠡᠨᠳᠡ ᠬᠠᠤᠯᠢ᠎ᠪᠠᠷ   ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠭᠰᠡᠨ᠎ᠨᠢ ᠤᠭ᠎ᠤᠨ ᠬᠦᠷᠢᠶ᠎ᠡ ᠬᠡᠪᠴᠢᠶᠡᠨ᠎ᠳᠡᠭᠡᠨ ᠦᠷᠬᠦᠯᠵᠢᠯᠡᠨ ᠭᠡᠷᠡᠭᠯᠡᠵᠦ ᠪᠤᠯᠤᠨ᠎ᠠ᠃
    ᠠᠷᠪᠠᠳᠤᠭ᠋ᠠᠷ ᠵᠤᠷᠪᠤᠰ   ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ᠎ᠤ ᠵᠦᠪᠰᠢᠶᠡᠷᠡᠯ ᠦᠭᠡᠢ᠎ᠪᠠᠷ ᠠᠷᠠᠯᠵᠢᠶᠠᠨ᠎ᠤ ᠵᠤᠷᠢᠯᠭ᠎ᠠ᠎ᠪᠠᠷ ᠳᠤᠷ᠎ᠡ᠎ᠪᠠᠷ ᠵᠶ᠋ᠡᠨ   ᠤᠯᠢᠮᠫᠢᠺ᠎ᠤᠨ ᠪᠡᠯᠭᠡ ᠲᠡᠮᠳᠡᠭ᠎ᠢ ᠭᠡᠷᠡᠭᠯᠡᠪᠡᠯ᠂ ᠳᠠᠷᠤᠢ   ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡ᠎ᠳᠤ ᠬᠠᠯᠳᠠᠵᠤ᠂ ᠵᠢᠭᠤᠷᠭ᠋ᠠᠨ ᠡᠬᠦᠰᠭᠡᠭᠰᠡᠨ ᠪᠤᠯ ᠳᠤᠬᠠᠢ ᠵᠢᠨ ᠬᠦᠮᠦᠨ᠎ᠲᠠᠢ ᠵᠦᠪᠯᠡᠨ ᠰᠢᠢ᠍ᠳᠪᠦᠷᠢᠯᠡᠨ᠎ᠡ᠃ ᠵᠦᠪᠯᠡᠬᠦ ᠳᠤᠷ᠎ᠡ ᠦᠭᠡᠢ ᠪᠤᠶᠤ ᠵᠦᠪᠯᠡᠯᠬᠡ ᠪᠦᠳᠦᠭᠰᠡᠨ ᠦᠭᠡᠢ ᠪᠤᠯ᠂   ᠤᠯᠢᠮᠫᠢᠺ᠎ᠤᠨ ᠪᠡᠯᠭᠡ ᠲᠡᠮᠳᠡᠭ᠎ᠤᠨ ᠡᠷᠬᠡ ᠠᠰᠢᠭ᠎ᠤᠨ ᠬᠦᠮᠦᠨ ᠪᠤᠶᠤ   ᠠᠰᠢᠭ ᠬᠤᠬᠢᠷᠠᠯ᠎ᠤᠨ ᠬᠠᠷᠢᠴᠠᠭ᠎ᠠ᠎ᠲᠠᠢ ᠬᠦᠮᠦᠨ᠎ᠠᠴᠠ ᠠᠷᠠᠳ᠎ᠤᠨ ᠰᠢᠬᠦᠬᠦ ᠬᠤᠷᠢᠶᠠᠨ᠎ᠳᠤ ᠵᠠᠷᠭᠤ   ᠲᠡᠪᠰᠢᠭᠦᠯᠵᠦ ᠪᠤᠯᠤᠨ᠎ᠠ᠂ ᠪᠠᠰᠠ   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠠᠴᠠ ᠰᠢᠢ᠍ᠳᠪᠦᠷᠢᠯᠡᠬᠦ ᠵᠢ ᠭᠤᠶᠤᠴᠢᠯᠠᠵᠤ ᠪᠤᠯᠤᠨ᠎ᠠ᠃   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ ᠰᠢᠢ᠍ᠳᠪᠦᠷᠢᠯᠡᠬᠦ ᠦᠶ᠎ᠡ᠎ᠳᠤ᠂ ᠡᠷᠬᠡᠨ᠎ᠳᠤ ᠬᠠᠯᠳᠠᠭᠰᠠᠨ ᠠᠵᠢᠯᠯᠠᠭ᠎ᠠ᠎ᠨᠢ ᠪᠡᠶᠡᠯᠡᠭᠳᠡᠨ᠎ᠡ ᠭᠡᠵᠤ ᠦᠵᠡᠪᠡᠯ᠂ ᠳᠠᠷᠤᠢ᠎ᠳᠤ᠎ᠨᠢ ᠡᠷᠬᠡᠨ᠎ᠳᠤ ᠬᠠᠯᠳᠠᠬᠤ ᠠᠵᠢᠯᠯᠠᠭ᠎ᠠ ᠵᠢ ᠵᠤᠭᠰᠤᠭ᠋ᠠᠬᠤ ᠵᠢ ᠵᠠᠷᠯᠢᠭᠳᠠᠵᠤ᠂ ᠡᠷᠬᠡᠨ᠎ᠳᠤ ᠬᠠᠯᠳᠠᠭᠰᠠᠨ ᠪᠦᠳᠦᠭᠡᠭᠳᠡᠬᠦᠨ ᠪᠠ ᠳᠤᠰᠬᠠᠢ᠌ᠯᠠᠨ ᠡᠷᠬᠡᠨ᠎ᠳᠤ ᠬᠠᠯᠳᠠᠭᠰᠠᠨ ᠪᠦᠳᠦᠭᠡᠭᠳᠡᠬᠦᠨ ᠪᠤᠶᠤ ᠠᠷᠠᠯᠵᠢᠶᠠᠨ᠎ᠤ ᠵᠤᠷᠢᠯᠭ᠎ᠠ᠎ᠲᠠᠢ᠎ᠪᠠᠷ ᠳᠤᠷ᠎ᠡ᠎ᠪᠠᠷ ᠵᠶ᠋ᠡᠨ   ᠤᠯᠢᠮᠫᠢᠺ᠎ᠤᠨ ᠪᠡᠯᠭᠡ ᠲᠡᠮᠳᠡᠭ᠎ᠢ ᠦᠢ᠍ᠯᠡᠳᠪᠦᠷᠢᠯᠡᠬᠦ ᠪᠠᠭ᠋ᠠᠵᠢ ᠵᠢ ᠬᠤᠷᠢᠶᠠᠵᠤ᠂ ᠤᠰᠠᠳᠬᠠᠨ᠎ᠠ᠂   ᠬᠠᠦᠯᠢ ᠵᠦᠷᠢᠴᠡᠭᠰᠡᠨ ᠤᠷᠤᠯᠭ᠎ᠠ ᠪᠠᠢ᠌ᠪᠠᠯ   ᠬᠠᠦᠯᠢ ᠵᠦᠷᠢᠴᠡᠭᠰᠡᠨ ᠤᠷᠤᠯᠭ᠎ᠠ᠎ᠢ ᠬᠤᠷᠢᠶᠠᠬᠤ ᠪᠦᠭᠡᠳ   ᠬᠠᠦᠯᠢ ᠵᠦᠷᠢᠴᠡᠭᠰᠡᠨ ᠤᠷᠤᠯᠭ᠎ᠠ᠎ᠤᠨ 5 ᠳᠠᠬᠢᠨ ᠮᠥᠩᠭᠦ᠎ᠪᠠᠷ   ᠲᠤᠷᠭ᠋ᠠᠵᠦ ᠪᠤᠯᠤᠨ᠎ᠠ᠃   ᠬᠠᠦᠯᠢ ᠵᠦᠷᠢᠴᠡᠭᠰᠡᠨ ᠤᠷᠤᠯᠭ᠎ᠠ ᠪᠠᠢ᠌ᠬᠤ ᠦᠭᠡᠢ ᠪᠤᠯ 5 ᠳᠦᠮᠡ᠎ᠠᠴᠠ ᠳᠤᠭᠤᠭᠰᠢᠬᠢ ᠮᠥᠩᠭᠦ᠎ᠪᠠᠷ   ᠲᠤᠷᠭ᠋ᠠᠵᠦ ᠪᠤᠯᠤᠨ᠎ᠠ᠃ ᠳᠤᠬᠠᠢ ᠵᠢᠨ ᠬᠦᠮᠦᠨ ᠰᠢᠢ᠍ᠳᠪᠦᠷᠢᠯᠡᠭᠰᠡᠨ ᠰᠢᠢ᠍ᠳᠪᠦᠷᠢ ᠵᠢ   ᠵᠦᠪᠰᠢᠶᠡᠷᠡᠬᠦ ᠦᠭᠡᠢ ᠪᠤᠯ 《ᠪᠦᠬᠦᠳᠡ ᠨᠠᠢ᠌ᠷᠠᠮᠳᠠᠬᠤ ᠳᠤᠮᠳᠠᠳᠤ á  á ·á  á ³ ᠤᠯᠤᠰ᠎ᠤᠨ ᠵᠠᠰᠠᠭ ᠵᠠᠬᠢᠷᠭ᠋ᠠᠨ᠎ᠤ   ᠵᠠᠷᠭᠤ ᠵᠢᠨ ᠬᠠᠦᠯᠢ》 ᠵᠢ ᠦᠨᠳᠦᠰᠦᠯᠡᠨ᠂ ᠮᠡᠳᠡᠭᠳᠡᠯ᠎ᠢ ᠤᠯᠤᠭᠰᠠᠨ ᠡᠳᠦᠷ᠎ᠠᠴᠠ ᠡᠬᠢᠯᠡᠨ 15 ᠡᠳᠦᠷ᠎ᠤᠨ ᠳᠤᠳᠤᠷ᠎ᠡ ᠠᠷᠠᠳ᠎ᠤᠨ ᠰᠢᠬᠦᠬᠦ ᠬᠤᠷᠢᠶᠠᠨ᠎ᠳᠤ ᠵᠠᠷᠭᠤᠯᠳᠤᠵᠤ ᠪᠤᠯᠤᠨ᠎ᠠ᠃ ᠡᠷᠬᠡᠨ᠎ᠳᠤ ᠬᠠᠯᠳᠠᠭᠰᠠᠨ ᠬᠦᠮᠦᠨ ᠵᠠᠷᠭᠤᠯᠳᠤᠬᠤ ᠦᠭᠡᠢ ᠪᠦᠭᠡᠳ ᠪᠡᠶᠡᠯᠡᠬᠦᠯᠬᠦ ᠦᠭᠡᠢ ᠪᠤᠯ᠂   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠠᠴᠠ ᠠᠷᠠᠳ᠎ᠤᠨ ᠰᠢᠬᠦᠬᠦ ᠬᠤᠷᠢᠶᠠᠨ᠎ᠳᠤ ᠠᠯᠪᠠᠳᠠᠯᠭ᠎ᠠ᠎ᠪᠠᠷ ᠭᠡᠷᠡᠭᠵᠢᠬᠦᠯᠬᠦ ᠵᠢ ᠡᠷᠡᠮᠡᠯᠵᠡᠵᠦ ᠪᠤᠯᠤᠨ᠎ᠠ᠃ ᠰᠢᠢ᠍ᠳᠪᠦᠷᠢᠯᠡᠵᠦ ᠪᠠᠢ᠌ᠬᠤ   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠨᠢ ᠳᠤᠬᠠᠢ ᠵᠢᠨ ᠬᠦᠮᠦᠨ᠎ᠤ ᠭᠤᠶᠤᠴᠢᠯᠠᠭ᠎ᠠ᠎ᠪᠠᠷ᠂   ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡᠨ᠎ᠳᠤ ᠬᠠᠯᠳᠠᠭᠰᠠᠨ ᠳᠥᠯᠥᠪᠦᠷᠢ ᠵᠢᠨ ᠮᠥᠩᠭᠦ ᠵᠢ ᠵᠤᠬᠢᠴᠠᠭᠤᠯᠵᠤ ᠪᠤᠯᠤᠨ᠎ᠠ᠃ ᠵᠤᠬᠢᠴᠠᠭᠤᠯᠬᠤ ᠪᠦᠳᠦᠭᠰᠡᠨ ᠦᠭᠡᠢ ᠪᠤᠯ᠂ ᠳᠤᠬᠠᠢ ᠵᠢᠨ ᠬᠦᠮᠦᠨ 《ᠪᠦᠬᠦᠳᠡ ᠨᠠᠢ᠌ᠷᠠᠮᠳᠠᠬᠤ ᠳᠤᠮᠳᠠᠳᠤ á  á ·á  á ³ ᠤᠯᠤᠰ᠎ᠤᠨ ᠢᠷᠭᠡᠨ᠎ᠤ ᠬᠡᠷᠡᠭ᠎ᠤᠨ   ᠵᠠᠷᠭᠤ ᠵᠢᠨ ᠬᠠᠦᠯᠢ》 ᠵᠢ ᠦᠨᠳᠦᠰᠦᠯᠡᠨ ᠠᠷᠠᠳ᠎ᠤᠨ ᠰᠢᠬᠦᠬᠦ ᠬᠤᠷᠢᠶᠠᠨ᠎ᠳᠤ ᠵᠠᠷᠭᠤᠯᠳᠤᠵᠤ ᠪᠤᠯᠤᠨ᠎ᠠ᠃   ᠤᠯᠢᠮᠫᠢᠺ᠎ᠤᠨ ᠪᠡᠯᠭᠡ ᠲᠡᠮᠳᠡᠭ᠎ᠢ ᠠᠰᠢᠭᠯᠠᠨ ᠬᠠᠭᠤᠷᠴᠦ ᠮᠡᠬᠡᠯᠡᠬᠦ ᠵᠡᠷᠭᠡ ᠬᠦᠳᠡᠯᠭᠡᠭᠡᠨ ᠶᠠᠪᠤᠭᠳᠠᠭᠤᠯᠵᠤ᠂ ᠡᠷᠡᠬᠦᠦ ᠵᠢᠨ ᠬᠠᠤᠯᠢ ᠵᠢ ᠵᠦᠷᠢᠴᠡᠭᠰᠡᠨ   ᠪᠤᠯ ᠡᠷᠡᠬᠦᠦ ᠵᠢᠨ ᠬᠠᠤᠯᠢ ᠵᠢᠨ ᠮᠡᠬᠡᠯᠡᠨ ᠬᠠᠭᠤᠷᠤᠭᠰᠠᠨ ᠶᠠᠯ᠎ᠠ ᠪᠤᠶᠤ ᠪᠤᠰᠤᠳ ᠶᠠᠯ᠎ᠠ ᠵᠢ ᠦᠨᠳᠦᠰᠦᠯᠡᠨ ᠡᠷᠡᠬᠦᠦ ᠵᠢᠨ ᠭᠡᠷᠡᠭ᠎ᠤᠨ ᠬᠠᠷᠢᠭᠤᠴᠠᠯᠭ᠎ᠠ ᠨᠡᠬᠡᠮᠵᠢᠯᠡᠨ᠎ᠡ᠃
    ᠠᠷᠪᠠᠨ ᠨᠢᠭᠡᠳᠦᠭᠡᠷ ᠵᠤᠷᠪᠤᠰ   ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡᠨ᠎ᠳᠤ ᠬᠠᠯᠳᠠᠭᠰᠠᠨ ᠠᠵᠢᠯᠯᠠᠭ᠎ᠠ ᠵᠢ   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠠᠴᠠ ᠬᠠᠤᠯᠢ ᠶᠤᠰᠤᠭ᠋ᠠᠷ ᠪᠠᠢ᠌ᠴᠠᠭ᠋ᠠᠨ   ᠰᠢᠢ᠍ᠳᠭᠡᠬᠦ ᠡᠷᠭᠡ᠎ᠲᠠᠢ᠃   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠨᠢ ᠨᠢᠭᠡᠨᠳᠡ ᠤᠯᠳᠠᠭᠰᠠᠨ ᠬᠠᠤᠯᠢ ᠵᠦᠷᠢᠴᠡᠭᠰᠡᠨ ᠰᠡᠵᠢᠭ᠎ᠤᠨ á ­á ¡á ·á ¡á ´á ¢ ᠪᠤᠶᠤ ᠢᠯᠡᠴᠢᠯᠡᠨ ᠮᠡᠳᠡᠬᠦᠯᠥᠯᠳᠡ ᠵᠢ ᠦᠨᠳᠦᠰᠦᠯᠡᠨ᠂   ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡᠨ᠎ᠳᠤ ᠬᠠᠯᠳᠠᠭᠰᠠᠨ ᠰᠡᠵᠢᠭᠳᠡᠨ᠎ᠢ ᠪᠠᠢ᠌ᠴᠠᠭ᠋ᠠᠨ   ᠰᠢᠢ᠍ᠳᠭᠡᠬᠦ ᠦᠶ᠎ᠡ᠎ᠳᠤ ᠳᠤᠤᠷᠡᠬᠢ ᠠᠵᠢᠯ᠎ᠤᠨ ᠡᠷᠬᠡ ᠵᠢ ᠭᠡᠷᠡᠭᠯᠡᠵᠦ ᠪᠤᠯᠤᠨ᠎ᠠ᠄ (ᠨᠢᠭᠡ) ᠬᠠᠮᠢᠶ᠎ᠠ ᠪᠦᠬᠦᠢ ᠳᠤᠬᠠᠢ ᠵᠢᠨ ᠬᠦᠮᠦᠨ᠎ᠠᠴᠠ ᠠᠰᠠᠭᠤᠵᠤ᠂   ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡᠨ᠎ᠳᠤ ᠬᠠᠯᠳᠠᠭᠰᠠᠨ ᠬᠠᠮᠢᠶ᠎ᠠ ᠪᠦᠬᠦᠢ ᠪᠠᠢ᠌ᠳᠠᠯ᠎ᠢ ᠪᠠᠢ᠌ᠴᠠᠭ᠋ᠠᠨ᠎ᠠ᠃ (ᠬᠤᠶᠠᠷ) ᠡᠷᠬᠡᠨ᠎ᠳᠤ ᠬᠠᠯᠳᠠᠭᠰᠠᠨ ᠬᠦᠳᠡᠯᠭᠡᠭᠡᠨ᠎ᠲᠠᠢ ᠬᠠᠮᠢᠶ᠎ᠠ ᠪᠦᠬᠦᠢ á ­á ¡á ·á Žá ¡á ‚ ᠪᠠᠷᠢᠮᠳᠠ᠂ ᠳᠠᠩᠰᠠ ᠵᠢᠴᠢ ᠪᠤᠰᠤᠳ ᠬᠠᠮᠢᠶ᠎ᠠ ᠪᠦᠬᠦᠢ ᠮᠠᠲᠸᠷᠢᠶᠠᠯ᠎ᠢ ᠤᠩᠰᠢᠵᠤ᠂ ᠬᠠᠭᠤᠯᠪᠤᠷᠢ ᠵᠢ ᠠᠪᠤᠨ᠎ᠠ᠃ (ᠭᠤᠷᠪᠠ) ᠳᠤᠬᠠᠢ ᠵᠢᠨ ᠬᠦᠮᠦᠨ᠎ᠤ   ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠭᠡᠨ᠎ᠳᠤ ᠬᠠᠯᠳᠠᠭᠰᠠᠨ ᠰᠡᠵᠢᠭ᠎ᠲᠠᠢ ᠬᠦᠳᠡᠯᠭᠡᠭᠡᠨ  á Žá ¤ ᠳᠠᠯᠠᠪᠤᠷ᠎ᠲᠤ ᠳᠤᠬᠠᠢ ᠵᠢᠨ   ᠲᠠᠯᠠᠪᠤᠷ  á Žá ¤á ¨ ᠪᠠᠢ᠌ᠴᠠᠭ᠋ᠠᠯᠳᠠ ᠬᠢᠨ᠎ᠡ᠃ (ᠳᠦᠷᠪᠡ) ᠡᠷᠬᠡᠨ᠎ᠳᠤ ᠬᠠᠯᠳᠠᠭᠰᠠᠨ ᠬᠦᠳᠡᠯᠬᠡᠬᠡᠨ᠎ᠤ ᠬᠠᠮᠢᠶ᠎ᠠ ᠪᠦᠬᠦᠢ ᠪᠤᠳᠠᠰ᠎ᠢ ᠪᠠᠢ᠌ᠴᠠᠭ᠋ᠠᠨ᠎ᠠ᠃   ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡᠨ᠎ᠳᠤ ᠬᠠᠯᠳᠠᠭᠰᠠᠨ ᠭᠡᠷᠡᠴᠢ᠎ᠲᠠᠢ ᠪᠤᠳᠠᠰ᠎ᠢ ᠪᠢᠳᠡᠬᠦᠮᠵᠢᠯᠡᠬᠦ ᠪᠤᠶᠤ   ᠪᠠᠷᠢᠴᠠᠭ᠋ᠠᠯᠠᠨ᠎ᠠ᠃   ᠠᠵᠦ ᠦᠢ᠍ᠯᠡᠳᠪᠦᠷᠢ ᠬᠤᠳᠠᠯᠳᠤᠭ᠋ᠠᠨ᠎ᠤ ᠵᠠᠰᠠᠭ ᠵᠠᠬᠢᠷᠭ᠋ᠠᠨ᠎ᠤ ᠬᠠᠮᠢᠶᠠᠷᠤᠯᠳᠠ ᠵᠢᠨ ᠰᠠᠯᠠᠭ᠎ᠠ ᠮᠦᠴᠢᠷ᠎ᠨᠢ ᠡᠮᠦᠨᠡᠬᠢ ᠵᠤᠷᠪᠤᠰ᠎ᠲᠠᠬᠢ ᠠᠵᠢᠯ᠎ᠤᠨ ᠡᠷᠬᠡ᠎ᠪᠠᠨ ᠭᠡᠷᠡᠭᠵᠢᠬᠦᠯᠬᠦ ᠦᠶᠡᠰ ᠳᠤᠬᠠᠢ ᠵᠢᠨ ᠬᠦᠮᠦᠨ ᠬᠠᠪᠰᠤᠷᠴᠤ   ᠬᠠᠮᠵᠢᠯᠴᠠᠨ᠂   ᠲᠡᠪᠴᠢᠬᠦ ᠪᠤᠶᠤ   á °á  á ­á ‹á  á ³ ᠬᠢᠵᠦ ᠪᠤᠯᠬᠤ ᠦᠭᠡᠢ᠃
    ᠠᠷᠪᠠᠨ ᠬᠤᠶᠠᠳᠤᠭ᠋ᠠᠷ ᠵᠤᠷᠪᠤᠰ   ᠭᠠᠳᠠᠭ᠋ᠠᠳᠤ᠎ᠳᠤ ᠭᠠᠷᠭ᠋ᠠᠬᠤ ᠪᠤᠶᠤ ᠭᠠᠳᠠᠭ᠋ᠠᠳᠤ᠎ᠠᠴᠠ ᠤᠷᠤᠭᠤᠯᠬᠤ ᠪᠠᠷᠠᠭ᠎ᠠ   ᠤᠯᠢᠮᠫᠢᠺ᠎ᠤᠨ ᠪᠡᠯᠭᠡ   ᠲᠡᠮᠳᠡᠭ  á Žá ¤á ¨   ᠳᠤᠰᠬᠠᠢ   ᠡᠷᠬᠡ  á Žá ³á ¤   ᠬᠠᠯᠳᠠᠭᠰᠠᠨ ᠰᠡᠵᠢᠭ᠎ᠲᠠᠢ ᠪᠠᠢ᠌ᠪᠠᠯ᠂   ᠪᠤᠭᠤᠮᠳᠠ᠎ᠠᠴᠠ 《ᠪᠦᠬᠦᠳᠡ ᠨᠠᠢ᠌ᠷᠠᠮᠳᠠᠬᠤ ᠳᠤᠮᠳᠠᠳᠤ á  á ·á  á ³ ᠤᠯᠤᠰ᠎ᠤᠨ ᠪᠤᠭᠤᠮᠳᠠ ᠵᠢᠨ ᠬᠠᠤᠯᠢ》 ᠪᠤᠯᠤᠨ 《ᠪᠦᠬᠦᠳᠡ ᠨᠠᠢ᠌ᠷᠠᠮᠳᠠᠬᠤ ᠳᠤᠮᠳᠠᠳᠤ á  á ·á  á ³ ᠤᠯᠤᠰ᠎ᠤᠨ   ᠮᠡᠳᠡᠯᠭᠡ ᠵᠢᠨ ᠦᠮᠴᠢᠯᠡᠯ᠎ᠤᠨ á ¡á ·á ­á ¡ ᠵᠢ ᠬᠠᠮᠠᠭ᠋ᠠᠯᠠᠬᠤ ᠪᠤᠭᠤᠮᠳᠠ ᠵᠢᠨ ᠳᠦᠷᠢᠮ》᠎ᠳᠤ ᠳᠤᠭᠳᠠᠭ᠋ᠠᠭᠰᠠᠨ ᠡᠷᠬᠡ ᠪᠠ ᠶᠠᠪᠤᠴᠠ᠎ᠪᠠᠷ ᠯᠠᠪᠯᠠᠯᠳᠠ ᠪᠤᠯᠭ᠋ᠠᠨ   ᠪᠠᠢ᠌ᠴᠠᠭ᠋ᠠᠨ ᠰᠢᠢ᠍ᠳᠪᠦᠷᠢᠯᠡᠵᠦ ᠪᠤᠯᠤᠨ᠎ᠠ᠃
    ᠠᠷᠪᠠᠨ ᠭᠤᠷᠪᠠᠳᠤᠭ᠋ᠠᠷ ᠵᠤᠷᠪᠤᠰ   ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡ᠎ᠳᠤ ᠬᠠᠯᠳᠠᠭᠰᠠᠨ ᠳᠦᠯᠥᠪᠦᠷᠢ ᠵᠢᠨ ᠮᠥᠩᠭᠦ ᠵᠢ ᠡᠷᠬᠡ ᠠᠰᠢᠭ᠎ᠤᠨ ᠬᠦᠮᠦᠨ᠎ᠤ ᠬᠤᠬᠢᠷᠠᠭᠰᠠᠨ ᠰᠦᠢ᠍ᠳᠥᠯ ᠪᠤᠶᠤ ᠡᠷᠬᠡᠨ᠎ᠳᠤ ᠬᠠᠯᠳᠠᠭᠰᠠᠨ ᠬᠦᠮᠦᠨ᠎ᠤ ᠡᠷᠬᠡᠨ᠎ᠳᠤ ᠬᠠᠯᠳᠠᠵᠤ ᠤᠯᠤᠭᠰᠠᠨ ᠠᠰᠢᠭ ᠵᠶ᠋ᠡᠷ ᠳᠤᠭᠳᠠᠭ᠋ᠠᠨ᠎ᠠ᠂ ᠡᠬᠦᠨ᠎ᠳᠤ ᠬᠠᠯᠳᠠᠭᠰᠠᠨ ᠠᠵᠢᠯᠯᠠᠭ᠎ᠠ ᠵᠢ ᠵᠤᠭᠰᠤᠭ᠋ᠠᠬᠤ ᠵᠢᠨ ᠳᠤᠯᠠᠳᠠ ᠵᠠᠷᠤᠴᠠᠭᠤᠯᠤᠭᠰᠠᠨ ᠵᠦᠢ ᠶᠤᠰᠤᠨ᠎ᠤ ᠵᠠᠷᠤᠳᠠᠯ᠎ᠢ ᠪᠠᠭᠳᠠᠭ᠋ᠠᠨ᠎ᠠ᠃   ᠡᠷᠭᠡᠨ᠎ᠳᠤ ᠬᠠᠯᠳᠠᠭᠳᠠᠭᠰᠠᠨ ᠬᠦᠮᠦᠨ᠎ᠤ ᠬᠤᠬᠢᠷᠡᠯ ᠪᠤᠶᠤ ᠡᠷᠬᠡ᠎ᠳᠤ ᠬᠠᠯᠳᠠᠭᠰᠠᠨ ᠬᠦᠮᠦᠨ᠎ᠤ ᠤᠯᠤᠭᠰᠠᠨ ᠠᠰᠢᠭ᠎ᠢ ᠳᠤᠭᠳᠠᠭ᠋ᠠᠬᠤ᠎ᠳᠤ ᠬᠦᠴᠢᠷᠳᠡᠢ ᠪᠤᠯ᠂ ᠳᠤᠰ ᠤᠯᠢᠮᠫᠢᠺ᠎ᠤᠨ ᠪᠡᠯᠭᠡ ᠲᠡᠮᠳᠡᠭ᠎ᠤᠨ ᠵᠦᠪᠰᠢᠶᠡᠷᠡᠯ᠎ᠢ ᠭᠡᠷᠡᠭᠯᠡᠬᠦ ᠵᠦᠢ ᠶᠤᠰᠤᠨ᠎ᠤ ᠵᠠᠷᠤᠳᠠᠯ᠎ᠢ ᠯᠠᠪᠯᠠᠨ ᠳᠤᠭᠳᠠᠭ᠋ᠠᠨ᠎ᠠ᠃ ᠤᠯᠢᠮᠫᠢᠺ᠎ᠤᠨ ᠪᠡᠯᠭᠡ ᠲᠡᠮᠳᠡᠭ᠎ᠤᠨ ᠳᠤᠰᠬᠠᠢ ᠡᠷᠬᠡ᠎ᠳᠤ ᠬᠠᠯᠳᠠᠭᠰᠠᠨ   ᠭᠡᠳᠡᠭ᠎ᠢ ᠮᠡᠳᠡᠬᠦ   ᠦᠭᠡᠢ ᠪᠦᠳᠦᠭᠡᠭᠳᠡᠬᠦᠨ᠎ᠢ ᠪᠤᠷᠤᠯᠠᠭᠤᠯᠤᠭᠰᠠᠨ   ᠪᠤᠯ᠂ ᠳᠤᠰ ᠪᠦᠳᠦᠭᠡᠭᠳᠡᠬᠦᠨ᠎ᠢ ᠥᠪᠡᠷ ᠵᠶ᠋ᠡᠨ ᠬᠠᠤᠯᠢ ᠶᠤᠰᠤ᠎ᠪᠠᠷ ᠤᠯᠤᠭᠰᠠᠨ ᠭᠡᠬᠦ   ᠵᠢ ᠭᠡᠷᠡᠴᠢᠯᠡᠵᠦ ᠲᠡᠢ᠌ᠯᠬᠦ ᠮᠦᠷᠳᠡᠭᠡᠨ ᠬᠠᠩᠭ᠋ᠠᠬᠰᠠᠨ ᠡᠳᠡᠭᠡᠳ  á Žá ¢ ᠲᠤᠳᠤᠷᠬᠠᠢ᠌ᠯᠠᠪᠠᠯ  á ‚ ᠳᠦᠯᠥᠪᠦᠷᠢ ᠵᠢᠨ ᠬᠠᠷᠢᠭᠤᠴᠠᠯᠭ᠎ᠠ ᠡᠬᠦᠷᠬᠡᠯᠡᠬᠦ ᠦᠭᠡᠢ᠃
    ᠠᠷᠪᠠᠨ ᠳᠦᠷᠪᠡᠳᠦᠭᠡᠷ ᠵᠤᠷᠪᠤᠰ   ᠤᠯᠢᠮᠫᠢᠺ᠎ᠤᠨ ᠪᠡᠯᠭᠡ ᠲᠡᠮᠳᠡᠭ᠎ᠨᠢ ᠳᠤᠰ ᠳᠦᠷᠢᠮ᠎ᠤᠨ ᠬᠠᠮᠠᠭ᠋ᠠᠯᠠᠯᠳᠠ᠎ᠲᠠᠢ᠎ᠠᠴᠠ ᠭᠠᠳᠠᠨ᠎ᠠ᠂ 《ᠪᠦᠬᠦᠳᠡ ᠨᠠᠢ᠌ᠷᠠᠮᠳᠠᠬᠤ ᠳᠤᠮᠳᠠᠳᠤ á  á ·á  á ³ ᠤᠯᠤᠰ᠎ᠤᠨ ᠵᠤᠬᠢᠶᠠᠭᠴᠢ ᠵᠢᠨ ᠡᠷᠬᠡ ᠵᠢᠨ ᠬᠠᠤᠯᠢ》᠂ 《ᠪᠦᠬᠦᠳᠡ ᠨᠠᠢ᠌ᠷᠠᠮᠳᠠᠬᠤ ᠳᠤᠮᠳᠠᠳᠤ á  á ·á  á ³ ᠤᠯᠤᠰ᠎ᠤᠨ ᠬᠤᠳᠠᠯᠳᠤᠭ᠋ᠠᠨ᠎ᠤ ᠳᠡᠮᠳᠡᠭ᠎ᠤᠨ ᠬᠠᠤᠯᠢ》᠂ 《ᠪᠦᠬᠦᠳᠡ ᠨᠠᠢ᠌ᠷᠠᠮᠳᠠᠬᠤ ᠳᠤᠮᠳᠠᠳᠤ á  á ·á  á ³ ᠤᠯᠤᠰ᠎ᠤᠨ ᠳᠤᠰᠬᠠᠢ   ᠠᠰᠢᠭ᠎ᠤᠨ ᠬᠠᠤᠯᠢ》᠂ 《ᠤᠨᠴᠠᠭ᠋ᠠᠢ ᠳᠡᠮᠳᠡᠭ᠎ᠤᠨ ᠬᠠᠮᠢᠶᠠᠷᠤᠯᠳᠠ ᠵᠢᠨ ᠳᠦᠷᠢᠮ》 ᠵᠡᠷᠭᠡ ᠬᠠᠤᠯᠢ ᠴᠠᠭ᠋ᠠᠵᠠ᠂ ᠵᠠᠰᠠᠭ ᠵᠠᠬᠢᠷᠭ᠋ᠠᠨ᠎ᠤ ᠳᠦᠷᠢᠮ᠎ᠢ ᠦᠨᠳᠦᠰᠦᠯᠡᠨ ᠬᠠᠮᠠᠭ᠋ᠠᠯᠠᠭᠳᠠᠨ᠎ᠠ᠃
    ᠠᠷᠪᠠᠨ ᠳᠠᠪᠤᠳᠤᠭ᠋ᠠᠷ ᠵᠤᠷᠪᠤᠰ   ᠳᠤᠰ ᠳᠦᠷᠢᠮ᠎ᠢ 2002 ᠤᠨ  á Žá ¤ 4 á °á  á ·á Žá ¡ ᠵᠢᠨ 1á Žá ¤ ᠡᠳᠦᠷ᠎ᠠᠴᠠ ᠡᠬᠢᠯᠡᠨ ᠭᠡᠷᠡᠭᠵᠢᠬᠦᠯᠦᠨ᠎ᠡ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠵᠠᠰᠠᠪᠤᠷᠢ ᠤᠷᠤᠭᠤᠯᠤᠭᠰᠠᠨ ᠤᠯᠢᠮᠫᠢᠺ᠎ᠤᠨ ᠪᠡᠯᠬᠡ ᠳᠡᠮᠳᠡᠭ᠎ᠤᠨ ᠬᠠᠮᠠᠭ᠋ᠠᠯᠠᠯᠳᠠ ᠵᠢᠨ ᠳᠦᠷᠢᠮ
ᠤᠯᠢᠮᠫᠢᠺ᠎ᠤᠨ ᠪᠡᠯᠬᠡ ᠳᠡᠮᠳᠡᠭ᠎ᠤᠨ ᠬᠠᠮᠠᠭ᠋ᠠᠯᠠᠯᠳᠠ ᠵᠢᠨ ᠳᠦᠷᠢᠮ
ᠬᠤᠨᠵᠢᠪᠤᠷᠢᠳᠦ ᠰᠤᠭᠤᠯᠤᠭ᠎ᠠ ᠵᠢᠨ ᠬᠠᠮᠢᠶᠠᠷᠤᠯᠳᠠ ᠵᠢᠨ ᠲᠦᠷᠢᠮ
ᠬᠦᠭᠡᠷᠦᠯᠳᠡ ᠵᠢᠨ ᠡᠮ᠎ᠢ ᠡᠰᠡᠷᠬᠦᠴᠡᠬᠦ ᠳᠦᠷᠢᠮ
ᠣᠯᠠᠨ ᠨᠡᠢ᠌ᠳᠡ ᠵᠢᠨ ᠰᠣᠶᠣᠯ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢᠨ ᠲᠦᠷᠢᠮ
 
            