ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠦᠨᠳᠦᠰᠦᠲᠡᠨ᠎ᠤ ᠪᠡᠶ᠎ᠡ ᠲᠠᠮᠢᠷ
ᠲᠡᠷᠢᠭᠦᠨ ᠬᠠᠭᠤᠳᠠᠰᠤ   -   ᠬᠠᠤᠯᠢ ᠴᠠᠭᠠᠵᠠ ᠳᠦᠷᠢᠮ ᠳᠤᠭᠲᠠᠭᠠᠯ
ᠪᠦᠭᠦᠳᠡ ᠨᠠᠢ᠌ᠷᠠᠮᠳᠠᠬᠤ ᠲᠤᠮᠳᠠᠳᠦ ᠠᠷᠠᠳ ᠤᠯᠤᠰ᠎ᠤᠨ ᠪᠡᠶ᠎ᠡ ᠵᠢᠨ ᠲᠠᠮᠢᠷ᠎ᠤᠨ ᠬᠠᠦᠯᠢ
ᠨᠡᠶ᠋ᠢᠲᠡᠯᠡᠭᠰᠡᠨ ᠴᠠᠭ᠄ 2019-02-20

     1995 ᠤᠨ᠎ᠤ 8 á °á  á ·á Žá   ᠵᠢᠨ 29á Žá ¤ ᠡᠳᠦᠷ ᠪᠦᠬᠦ ᠤᠯᠤᠰ᠎ᠤᠨ ᠨᠠᠢ᠍ᠮᠠᠳᠤᠭ᠋ᠠᠷ ᠬᠤᠭᠤᠴᠠᠭ᠋ᠠᠨ᠎ᠤ ᠠᠷᠠᠳ᠎ᠤᠨ ᠲᠦᠯᠦᠭᠡᠯᠡᠭᠴᠢᠳ᠎ᠤᠨ ᠶᠡᠬᠡ ᠬᠤᠷᠠᠯ᠎ᠤᠨ ᠪᠠᠢ᠌ᠩᠭᠤ ᠵᠢᠨ ᠬᠤᠷᠢᠶᠠᠨ᠎ᠤ ᠠᠷᠪᠠᠨ ᠲᠠᠪᠤᠳᠤᠭ᠋ᠠᠷ ᠬᠤᠷᠠᠯᠳᠤᠭ᠋ᠠᠨ᠎ᠠᠴᠠ ᠪᠠᠳᠦᠯᠠᠪᠠ᠃
      á ­á  á ·á ´á  á ­
      ᠨᠢᠭᠡᠳᠦᠭᠡᠷ ᠪᠦᠯᠦᠭ     ᠶᠡᠷᠥᠩᠬᠡᠢ ᠲᠦᠷᠢᠮ
      ᠬᠤᠶᠠᠳᠤᠭ᠋ᠠᠷ ᠪᠦᠯᠦᠭ     ᠨᠡᠢ᠍ᠢ᠍ᠭᠡᠮ᠎ᠤᠨ ᠪᠡᠶ᠎ᠡ ᠵᠢᠨ ᠲᠠᠮᠢᠷ
      ᠭᠤᠷᠪᠠᠳᠤᠭ᠋ᠠᠷ ᠪᠦᠯᠦᠭ     ᠰᠤᠷᠭ᠋ᠠᠭᠤᠯᠢ ᠵᠢᠨ ᠪᠡᠶ᠎ᠡ ᠵᠢᠨ ᠲᠠᠮᠢᠷ
      ᠳᠦᠷᠪᠡᠳᠦᠭᠡᠷ ᠪᠦᠯᠦᠭ     ᠤᠷᠤᠯᠳᠤᠭ᠋ᠠᠨ᠎ᠤ ᠪᠡᠶ᠎ᠡ ᠵᠢᠨ ᠲᠠᠮᠢᠷ
      ᠲᠠᠪᠤᠳᠤᠭ᠋ᠠᠷ ᠪᠦᠯᠦᠭ     ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠪᠦᠯᠬᠦᠮ
      ᠵᠢᠷᠭᠤᠳᠤᠭ᠋ᠠᠷ ᠪᠦᠯᠦᠭ   ᠪᠠᠳᠤᠯᠠᠬᠤ ᠨᠦᠭᠦᠴᠡᠯ
      ᠲᠤᠯᠤᠳᠤᠭ᠋ᠠᠷ ᠪᠦᠯᠦᠭ   ᠬᠠᠦᠯᠢ ᠵᠢᠨ ᠬᠠᠷᠢᠭᠤᠴᠠᠯᠭ᠎ᠠ
      ᠨᠠᠢ᠍ᠮᠠᠳᠤᠭ᠋ᠠᠷ ᠪᠦᠯᠦᠭ     ᠲᠠᠭ᠋ᠠᠯᠳᠤᠭᠤᠯᠤᠭᠰᠠᠨ ᠲᠦᠷᠢᠮ

    ᠨᠢᠭᠡᠳᠦᠭᠡᠷ ᠪᠦᠯᠦᠭ

    ᠨᠢᠭᠡᠳᠦᠭᠡᠷ ᠵᠤᠷᠪᠤᠰ   ᠪᠡᠶ᠎ᠡ ᠵᠢᠨ ᠲᠠᠮᠢᠷ᠎ᠤᠨ ᠦᠢ᠍ᠯᠡᠰ᠎ᠢ ᠬᠦᠭᠵᠢᠭᠦᠯᠦᠨ᠂ á  á ·á  á ³ ᠲᠦᠮᠡᠨ᠎ᠤ ᠪᠡᠶ᠎ᠡ ᠮᠠᠬᠠᠪᠤᠳ᠎ᠢ ᠴᠢᠬᠢᠷᠠᠭᠵᠢᠭᠤᠯᠵᠦ᠂ ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠤ ᠬᠢᠷᠢ ᠲᠦᠪᠰᠢᠨ᠎ᠢ ᠲᠠᠭᠡᠭᠰᠢᠯᠡᠭᠦᠯᠦᠨ᠂ ᠨᠡᠢ᠌ᠭᠡᠮ ᠵᠢᠷᠤᠮ᠎ᠤᠨ ᠪᠤᠳᠠᠰ᠎ᠤᠨ ᠪᠤᠯᠤᠨ ᠤᠶᠤᠨ᠎ᠤ ᠪᠤᠯᠪᠠᠰᠤᠨ᠎ᠤ ᠪᠦᠳᠦᠭᠡᠨ ᠪᠠᠢ᠌ᠭᠤᠯᠤᠯᠳᠠ ᠵᠢ ᠠᠬᠢᠭᠤᠯᠬᠤ ᠵᠢᠨ ᠲᠦᠯᠦᠭᠡ ᠦᠨᠳᠦᠰᠦᠨ ᠬᠠᠦᠯᠢ ᠵᠢ ᠦᠨᠳᠦᠰᠦᠯᠡᠨ ᠲᠤᠰ ᠬᠠᠦᠯᠢ ᠵᠢ ᠲᠤᠭᠳᠠᠭ᠋ᠠᠪᠠ᠃
    ᠬᠤᠶᠠᠳᠤᠭ᠋ᠠᠷ ᠵᠤᠷᠪᠤᠰ   ᠤᠯᠤᠰ᠎ᠠᠴᠠ ᠪᠡᠶ᠎ᠡ ᠵᠢᠨ ᠲᠠᠮᠢᠷ᠎ᠤᠨ ᠦᠢ᠍ᠯᠡᠰ᠎ᠢ ᠬᠦᠭᠵᠢᠭᠦᠯᠵᠦ᠂ ᠤᠯᠠᠨ ᠲᠦᠮᠡᠨᠴᠢ ᠴᠢᠨᠠᠷ᠎ᠲᠠᠢ ᠪᠡᠶ᠎ᠡ ᠵᠢᠨ ᠲᠠᠮᠢᠷ᠎ᠤᠨ ᠠᠵᠢᠯᠯᠠᠭ᠎ᠠ ᠵᠢ ᠦᠷᠨᠢᠭᠦᠯᠦᠨ᠂ ᠪᠦᠬᠦ ᠦᠨᠳᠦᠰᠦᠳᠡᠨ᠎ᠤ ᠪᠡᠶ᠎ᠡ ᠮᠠᠬᠠᠪᠣᠳ᠎ᠤᠨ ᠬᠡᠪ ᠴᠢᠨᠠᠷ᠎ᠢ ᠲᠡᠭᠡᠭᠰᠢᠯᠡᠭᠦᠯᠦᠨ᠎ᠡ᠃ ᠪᠡᠶ᠎ᠡ ᠵᠢᠨ ᠲᠠᠮᠢᠷ᠎ᠤᠨ ᠠᠵᠢᠯ᠎ᠳᠤ ᠪᠦᠬᠦ ᠠᠷᠠᠳ᠎ᠤᠨ ᠪᠡᠶ᠎ᠡ ᠮᠠᠬᠠᠪᠤᠳ᠎ᠢ ᠴᠢᠬᠢᠷᠠᠭᠵᠢᠭᠤᠯᠬᠤ ᠠᠵᠢᠯᠯᠠᠭ᠎ᠠ ᠦᠷᠨᠢᠭᠦᠯᠬᠦ ᠵᠢ ᠪᠠᠷᠢᠮᠳᠠᠯᠠᠬᠤ ᠶᠠᠪᠤᠳᠠᠯ ᠵᠶ᠋ᠠᠷ ᠰᠠᠭᠤᠷᠢ ᠪᠤᠯᠭ᠋ᠠᠨ᠂ ᠲᠦᠭᠡᠮᠡᠯᠵᠢᠭᠦᠯᠬᠦ ᠪᠠ ᠲᠡᠭᠡᠭᠰᠢᠯᠡᠬᠦᠯᠬᠦ ᠵᠢ ᠤᠶᠠᠯᠳᠤᠭᠤᠯᠵᠦ᠂ ᠡᠯ᠎ᠡ ᠲᠦᠷᠦᠯ᠎ᠤᠨ ᠪᠡᠶ᠎ᠡ ᠵᠢᠨ ᠲᠠᠮᠢᠷ᠎ᠤᠨ ᠵᠤᠬᠢᠴᠠᠩᠭᠤᠢ᠎ᠪᠠᠷ ᠬᠦᠭᠵᠢᠬᠦ ᠵᠢ ᠠᠬᠢᠭᠤᠯᠤᠨ᠎ᠠ᠃
    ᠭᠤᠷᠪᠠᠳᠣᠭ᠋ᠠᠷ ᠵᠤᠷᠪᠤᠰ   ᠤᠯᠤᠰ᠎ᠠᠴᠠ ᠪᠡᠶ᠎ᠡ᠎ᠢ ᠲᠠᠮᠢᠷ᠎ᠢ ᠠᠵᠦ ᠠᠬᠤᠢ ᠵᠢᠨ ᠪᠦᠳᠦᠭᠡᠨ ᠪᠠᠢ᠌ᠭᠤᠯᠤᠯᠳᠠ᠂ ᠤᠯᠤᠰ᠎ᠤᠨ ᠪᠠᠳᠤᠯᠠᠨ ᠬᠠᠮᠠᠭ᠋ᠠᠯᠠᠯᠳᠠ ᠵᠢᠨ ᠪᠦᠳᠦᠭᠡᠨ ᠪᠠᠢ᠌ᠭᠤᠯᠤᠯᠳᠠ ᠪᠠ ᠨᠡᠢ᠌ᠭᠡᠮ᠎ᠤᠨ ᠬᠦᠭᠵᠢᠯᠳᠡ᠎ᠳᠤ ᠦᠢ᠍ᠯᠡᠴᠢᠯᠡᠭᠦᠯᠬᠦ ᠵᠢ ᠪᠠᠷᠢᠮᠳᠠᠯᠠᠨ᠎ᠠ᠃ ᠪᠡᠶ᠎ᠡ ᠵᠢᠨ ᠲᠠᠮᠢᠷ᠎ᠤᠨ ᠦᠢ᠍ᠯᠡᠰ᠎ᠢ ᠤᠯᠤᠰ ᠠᠷᠠᠳ᠎ᠤᠨ ᠠᠵᠦ ᠠᠬᠤᠢ ᠪᠤᠯᠤᠨ ᠨᠡᠢ᠌ᠭᠡᠮ᠎ᠤᠨ ᠬᠦᠭᠵᠢᠯᠳᠡ ᠵᠢᠨ ᠲᠦᠯᠦᠪᠯᠡᠭᠡᠨ᠎ᠳᠤ ᠤᠷᠤᠭᠤᠯᠬᠤ ᠬᠡᠷᠡᠭᠳᠡᠢ᠃ ᠤᠯᠤᠰ᠎ᠠᠴᠠ ᠪᠡᠶ᠎ᠡ ᠵᠢᠨ ᠲᠠᠮᠢᠷ᠎ᠢ ᠬᠠᠮᠢᠶᠠᠷᠬᠤ ᠪᠠᠢ᠌ᠭᠤᠯᠤᠯ᠎ᠤᠨ ᠦᠭᠡᠷᠡᠴᠢᠯᠡᠯᠳᠡ ᠵᠢ ᠲᠦᠯᠬᠢᠨ ᠠᠬᠢᠭᠤᠯᠤᠨ᠎ᠠ᠃ ᠤᠯᠤᠰ᠎ᠠᠴᠠ ᠠᠵᠦ ᠠᠬᠤᠢ᠌ᠯᠠᠯ᠂ ᠠᠵᠢᠯ ᠦᠢ᠍ᠯᠡᠰ᠎ᠤᠨ ᠵᠤᠬᠢᠶᠠᠨ ᠪᠠᠢ᠌ᠭᠤᠯᠤᠯᠳᠠ᠂ ᠨᠡᠢ᠌ᠭᠡᠮ᠎ᠤᠨ ᠪᠦᠯᠬᠦᠮ ᠪᠠ á  á ·á  á ³ ᠢᠷᠭᠡᠳ᠎ᠤᠨ ᠪᠡᠶ᠎ᠡ ᠵᠢᠨ ᠲᠠᠮᠢᠷ᠎ᠤᠨ ᠦᠢ᠍ᠯᠡᠰ ᠡᠷᠬᠢᠯᠡᠬᠦ ᠪᠠ ᠲᠡᠭᠦᠨ᠎ᠢ ᠲᠡᠮᠵᠢᠬᠦ ᠵᠢ ᠵᠤᠷᠢᠭᠵᠢᠭᠤᠯᠤᠨ᠎ᠠ᠃
    ᠲᠦᠷᠪᠡᠳᠦᠭᠡᠷ ᠵᠤᠷᠪᠤᠰ   ᠲᠦᠷᠦ ᠵᠢᠨ ᠶᠠᠪᠤᠳᠠᠯ᠎ᠤᠨ ᠬᠤᠷᠢᠶᠠᠨ᠎ᠤ ᠪᠡᠶ᠎ᠡ ᠵᠢᠨ ᠲᠠᠮᠢᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠠᠴᠠ ᠪᠦᠬᠦ ᠤᠯᠤᠰ᠎ᠤᠨ ᠪᠡᠶ᠎ᠡ ᠵᠢᠨ ᠲᠠᠮᠢᠷ᠎ᠤᠨ ᠠᠵᠢᠯ᠎ᠢ ᠡᠷᠬᠢᠯᠡᠨ ᠬᠠᠮᠢᠶᠠᠷᠤᠨ᠎ᠠ᠃ ᠲᠦᠷᠦ ᠵᠢᠨ ᠶᠠᠪᠤᠳᠠᠯ᠎ᠤᠨ ᠬᠤᠷᠢᠶᠠᠨ᠎ᠤ ᠪᠤᠰᠤᠳ ᠬᠤᠯᠪᠤᠭᠳᠠᠯ ᠪᠦᠬᠦᠢ ᠰᠠᠯᠠᠭ᠎ᠠ ᠮᠦᠴᠢᠷ᠎ᠤᠳ ᠲᠤᠰ ᠲᠤᠰ᠎ᠤᠨ ᠵᠶ᠋ᠠᠨ ᠡᠷᠬᠡ ᠲᠤᠰᠢᠶᠠᠯ᠎ᠤᠨ ᠬᠡᠪᠴᠢᠶᠡᠨ᠎ᠳᠤ ᠪᠡᠶ᠎ᠡ ᠵᠢᠨ ᠲᠠᠮᠢᠷ᠎ᠤᠨ ᠠᠵᠢᠯ᠎ᠢ ᠬᠠᠮᠢᠶᠠᠷᠤᠨ᠎ᠠ᠃
    ᠰᠢᠶᠠᠨ᠎ᠤ ᠱᠠᠳᠣᠨ᠎ᠠᠴᠠ ᠲᠡᠭᠡᠭᠰᠢᠬᠢ ᠤᠷᠤᠨ ᠨᠤᠳᠤᠭ᠎ᠤᠨ ᠡᠯ᠎ᠡ ᠱᠠᠳᠣᠨ᠎ᠤ ᠠᠷᠠᠳ᠎ᠤᠨ ᠵᠠᠰᠠᠭ᠎ᠤᠨ ᠤᠷᠳᠤᠨ᠎ᠤ ᠪᠡᠶ᠎ᠡ ᠵᠢᠨ ᠲᠡᠮᠢᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠪᠤᠶᠤ ᠲᠤᠰ ᠱᠠᠳᠤᠨ᠎ᠤ ᠠᠷᠠᠳ᠎ᠤᠨ ᠵᠠᠰᠠᠭ᠎ᠤᠨ ᠤᠷᠳᠤᠨ᠎ᠠᠴᠠ á ¡á ·á ­á ¡ ᠤᠯᠭᠤᠭᠰᠠᠨ ᠪᠠᠢ᠌ᠭᠤᠯᠤᠮᠵᠢ᠎ᠨᠤᠭᠤᠳ ᠲᠤᠰ ᠵᠠᠰᠠᠭ ᠵᠠᠬᠢᠷᠭ᠋ᠠᠨ᠎ᠤ ᠤᠷᠤᠨ᠎ᠤ᠎ᠪᠠᠨ ᠲᠤᠳᠤᠷᠠᠬᠢ ᠪᠡᠶ᠎ᠡ ᠵᠢᠨ ᠲᠠᠮᠢᠷ᠎ᠤᠨ ᠠᠵᠢᠯ᠎ᠢ ᠡᠷᠬᠢᠯᠡᠨ ᠬᠠᠮᠢᠶᠠᠷᠤᠨ᠎ᠠ᠃
    ᠲᠠᠪᠤᠳᠤᠭ᠋ᠠᠷ ᠵᠤᠷᠪᠤᠰ   ᠤᠯᠤᠰ᠎ᠠᠴᠠ ᠵᠠᠯᠠᠭᠤᠴᠤᠳ᠂ ᠪᠠᠭ᠋ᠠᠴᠤᠳ᠂ ᠬᠡᠦᠬᠡᠳ᠎ᠤᠨ ᠪᠡᠶ᠎ᠡ ᠵᠢᠨ ᠲᠠᠮᠢᠷ᠎ᠤᠨ ᠠᠵᠢᠯᠯᠠᠭ᠎ᠠ᠎ᠳᠤ ᠤᠨᠴᠠᠭ᠋ᠠᠢ ᠪᠠᠳᠤᠯᠠᠭ᠎ᠠ ᠤᠯᠭᠤᠵᠦ᠂ ᠲᠡᠳᠡᠨ᠎ᠤ ᠪᠡᠶ᠎ᠡ ᠮᠠᠬᠠᠪᠤᠳ ᠰᠡᠳᠬᠢᠯ ᠰᠠᠨᠠᠭ᠋ᠠᠨ᠎ᠤ ᠡᠷᠡᠭᠦᠯ ᠴᠢᠬᠢᠷᠠᠭ᠎ᠢ ᠨᠡᠮᠡᠭᠳᠡᠭᠦᠯᠦᠨ᠎ᠡ᠃
      ᠵᠢᠷᠭᠤᠳᠤᠭ᠋ᠠᠷ ᠵᠤᠷᠪᠤᠰ   ᠤᠯᠤᠰ᠎ᠠᠴᠠ ᠴᠦᠭᠡᠨ ᠲᠤᠭ᠋ᠠᠳᠤ ᠦᠨᠳᠦᠰᠦᠳᠡᠨ᠎ᠤ ᠭᠠᠵᠠᠷ ᠤᠷᠤᠨ᠎ᠤ ᠪᠡᠶ᠎ᠡ ᠵᠢᠨ ᠲᠠᠮᠢᠷ᠎ᠤᠨ ᠦᠢ᠍ᠯᠡᠰ᠎ᠢ ᠬᠦᠭᠵᠢᠭᠦᠯᠬᠦ ᠵᠢ ᠲᠡᠳᠬᠦᠨ ᠲᠡᠮᠵᠢᠵᠦ᠂ ᠴᠦᠭᠡᠨ ᠲᠤᠭ᠋ᠠᠳᠤ ᠦᠨᠳᠦᠰᠦᠳᠡᠨ᠎ᠤ ᠪᠡᠶ᠎ᠡ ᠵᠢᠨ ᠲᠠᠮᠢᠷ᠎ᠤᠨ ᠴᠢᠳᠠᠪᠤᠷᠢᠳᠠᠨ᠎ᠢ ᠬᠦᠮᠦᠵᠢᠭᠦᠯᠦᠨ᠎ᠡ᠃
    ᠲᠤᠯᠤᠳᠤᠭ᠋ᠠᠷ ᠵᠤᠷᠪᠤᠰ   ᠤᠯᠤᠰ᠎ᠠᠴᠠ ᠪᠡᠶ᠎ᠡ ᠵᠢᠨ ᠲᠠᠮᠢᠷ᠎ᠤᠨ ᠰᠤᠷᠭ᠋ᠠᠨ ᠬᠦᠮᠦᠵᠢᠯ ᠪᠤᠯᠤᠨ ᠪᠡᠶ᠎ᠡ ᠵᠢᠨ ᠲᠠᠮᠢᠷ᠎ᠤᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠢ ᠬᠦᠭᠵᠢᠬᠦᠯᠵᠦ᠂ ᠲᠡᠷᠢᠬᠦᠨ᠎ᠤ ᠪᠠ ᠬᠡᠷᠡᠭᠯᠡᠭᠡᠨᠨ᠎ᠤ ᠪᠡᠶ᠎ᠡ ᠵᠢᠨ ᠲᠠᠮᠢᠷ᠎ᠤᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠦᠷ᠎ᠡ ᠪᠦᠳᠦᠭᠡᠯ᠎ᠢ ᠲᠡᠯᠭᠡᠷᠡᠭᠦᠯᠦᠨ᠂ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠳᠤ ᠲᠦᠰᠢᠭᠯᠡᠨ ᠪᠡᠶ᠎ᠡ ᠵᠢᠨ ᠲᠠᠮᠢᠷ᠎ᠤᠨ ᠦᠢ᠍ᠯᠡᠰ᠎ᠢ ᠬᠦᠭᠵᠢᠭᠦᠯᠦᠨ᠎ᠡ᠃
    ᠨᠠᠢ᠍ᠮᠠᠳᠤᠭ᠋ᠠᠷ ᠵᠤᠷᠪᠤᠰ   ᠤᠯᠤᠰ᠎ᠠᠴᠠ ᠪᠡᠶ᠎ᠡ ᠵᠢᠨ ᠲᠠᠮᠢᠷ᠎ᠤᠨ ᠦᠢ᠍ᠯᠡᠰ᠎ᠲᠤ ᠬᠤᠪᠢ ᠨᠡᠮᠡᠷᠢ ᠦᠵᠡᠭᠦᠯᠦᠭᠰᠡᠨ ᠵᠤᠬᠢᠶᠠᠨ ᠪᠠᠢ᠌ᠭᠤᠯᠤᠯᠳᠠ ᠬᠢᠭᠡᠳ ᠬᠤᠪᠢ ᠬᠦᠮᠦᠨ᠎ᠢ ᠱᠠᠩᠨᠠᠨ ᠬᠦᠬᠢᠭᠦᠯᠦᠨ᠎ᠡ᠃
ᠶᠢᠰᠦᠳᠦᠭᠡᠷ ᠵᠤᠷᠪᠤᠰ   ᠤᠯᠤᠰ᠎ᠠᠴᠠ ᠭᠠᠳᠠᠭ᠋ᠠᠳᠤ᠎ᠲᠠᠢ ᠪᠡᠶ᠎ᠡ ᠵᠢᠨ ᠲᠠᠮᠢᠷ᠎ᠤᠨ ᠲᠠᠯ᠎ᠠ᠎ᠪᠠᠷ ᠶᠠᠪᠤᠯᠴᠠᠬᠤ ᠵᠢ ᠵᠤᠷᠢᠭᠵᠢᠭᠤᠯᠤᠨ᠎ᠠ᠃ ᠭᠠᠳᠠᠭ᠋ᠠᠳᠤ᠎ᠲᠠᠢ ᠪᠡᠶ᠎ᠡ ᠵᠢᠨ ᠲᠠᠮᠢᠷ᠎ᠤᠨ ᠲᠠᠯ᠎ᠠ᠎ᠪᠠᠷ ᠶᠠᠪᠤᠯᠴᠠᠬᠤ᠎ᠳᠠᠭᠠᠨ ᠪᠡᠶ᠎ᠡ᠎ᠪᠠᠨ ᠲᠠᠭ᠋ᠠᠭ᠋ᠠᠵᠦ ᠡᠵᠡᠨ ᠮᠡᠳᠡᠬᠦ᠂ á ¡á ·á ­á ¡ ᠲᠡᠭᠰᠢ ᠬᠠᠷᠢᠯᠴᠠᠨ ᠠᠰᠢᠭᠳᠠᠢ ᠪᠠᠢ᠌ᠬᠤ᠂ ᠬᠠᠷᠢᠯᠴᠠᠨ ᠬᠦᠨᠳᠦᠳᠬᠡᠬᠦ ᠵᠠᠷᠴᠢᠮ᠎ᠢ ᠪᠠᠷᠢᠮᠳᠠᠯᠠᠵᠦ᠂ ᠤᠯᠤᠰ᠎ᠤᠨ ᠡᠷᠬᠡ ᠮᠡᠳᠡᠯ ᠬᠢᠭᠡᠳ ᠨᠡᠷ᠎ᠡ ᠬᠦᠨᠳᠦ ᠵᠢ ᠬᠠᠮᠠᠭ᠋ᠠᠯᠠᠵᠦ᠂ ᠪᠦᠬᠦᠳᠡ ᠨᠠᠢ᠌ᠷᠠᠮᠳᠠᠬᠤ ᠲᠤᠮᠳᠠᠳᠤ á  á ·á  á ³ ᠤᠯᠤᠰ᠎ᠤᠨ ᠪᠠᠢ᠌ᠭᠤᠯᠤᠭᠰᠠᠨ ᠪᠤᠶᠤ ᠤᠷᠤᠯᠴᠠᠭᠰᠠᠨ ᠤᠯᠠᠨ ᠤᠯᠤᠰ᠎ᠤᠨ á ­á ¡á ·á Žá ¡ ᠵᠢ ᠵᠢᠷᠤᠮᠯᠠᠨ᠎ᠠ᠃
    ᠬᠤᠶᠠᠳᠤᠭ᠋ᠠᠷ ᠪᠦᠯᠦᠭ     ᠨᠡᠢ᠌ᠭᠡᠮ᠎ᠤᠨ ᠪᠡᠶ᠎ᠡ ᠵᠢᠨ ᠲᠠᠮᠢᠷ
    ᠠᠷᠪᠠᠳᠤᠭ᠋ᠠᠷ ᠵᠤᠷᠪᠤᠰ     ᠤᠯᠤᠰ᠎ᠠᠴᠠ á  á ·á  á ³ ᠢᠷᠭᠡᠳ᠎ᠤᠨ ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠠᠵᠢᠯᠯᠠᠭ᠎ᠠ᠎ᠳᠤ ᠤᠷᠤᠯᠴᠠᠵᠦ᠂ ᠪᠡᠶ᠎ᠡ ᠮᠠᠬᠠᠪᠤᠳ ᠰᠡᠳᠬᠢᠯ ᠰᠠᠨᠠᠭ᠎ᠠ᠎ᠪᠠᠨ ᠴᠢᠬᠢᠷᠠᠭᠵᠢᠭᠤᠯᠬᠤ ᠵᠢ ᠡᠷᠬᠢᠮᠯᠡᠨ ᠰᠠᠨᠠᠭ᠋ᠠᠴᠢᠯᠠᠨ᠎ᠠ᠃
    ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠠᠵᠢᠯᠯᠠᠭ᠎ᠠ᠎ᠨᠢ ᠠᠵᠢᠯ᠎ᠤᠨ ᠴᠢᠯᠦᠭᠡᠨ᠎ᠤ᠂ ᠰᠠᠢ᠌ᠨ ᠲᠤᠷ᠎ᠠ ᠵᠢᠨ᠂ ᠪᠠᠭ᠎ᠠ ᠬᠡᠯᠪᠡᠷᠢ ᠵᠢᠨ ᠵᠡᠷᠭᠡ ᠤᠯᠠᠨ ᠶᠠᠩᠵᠦ ᠵᠢᠨ ᠪᠠᠢ᠌ᠬᠤ ᠵᠢ ᠪᠠᠷᠢᠮᠳᠠᠯᠠᠵᠦ᠂ ᠭᠠᠵᠠᠷ ᠤᠷᠤᠨ᠎ᠤ᠎ᠪᠠᠨ ᠪᠤᠳᠠᠳᠤ ᠪᠠᠢ᠌ᠳᠠᠯ᠎ᠳᠤ ᠲᠤᠬᠢᠷᠠᠭᠤᠯᠬᠤ ᠪᠠ ᠰᠢᠨᠵᠢᠯᠡᠬᠦ ᠤᠬᠠᠭ᠋ᠠᠨᠴᠢ ᠪᠤᠯᠪᠠᠰᠤᠨ ᠪᠠᠢ᠌ᠬᠤ ᠵᠠᠷᠴᠢᠮ᠎ᠢ ᠵᠢᠷᠤᠮᠯᠠᠬᠤ ᠬᠡᠷᠡᠭᠳᠡᠢ᠃
    ᠠᠷᠪᠠᠨ ᠨᠢᠭᠡᠳᠦᠭᠡᠷ ᠵᠤᠷᠪᠤᠰ     ᠤᠯᠤᠰ᠎ᠠᠴᠠ ᠪᠦᠬᠦ ᠠᠷᠠᠳ᠎ᠤᠨ ᠪᠡᠶ᠎ᠡ ᠮᠠᠬᠠᠪᠤᠳ᠎ᠢ ᠴᠢᠬᠢᠷᠠᠭᠵᠢᠭᠤᠯᠬᠤ ᠲᠦᠯᠦᠪᠯᠡᠭᠡ ᠵᠢ ᠭᠡᠷᠡᠭᠵᠢᠭᠦᠯᠦᠨ᠂ ᠪᠡᠶ᠎ᠡ ᠵᠢᠨ ᠲᠠᠮᠢᠷ᠎ᠤᠨ ᠪᠤᠯᠪᠠᠰᠤᠷᠠᠯ᠎ᠤᠨ ᠪᠠᠷᠢᠮᠵᠢᠶ᠎ᠠ ᠵᠢ ᠬᠡᠷᠡᠭᠵᠢᠭᠦᠯᠵᠦ᠂ ᠪᠡᠶ᠎ᠡ ᠮᠠᠬᠠᠪᠤᠳ᠎ᠤᠨ ᠰᠢᠯᠭ᠋ᠠᠨ ᠪᠠᠢ᠌ᠴᠠᠭ᠋ᠠᠯᠳᠠ ᠬᠢᠨ᠎ᠡ᠃
    ᠤᠯᠤᠰ᠎ᠠᠴᠠ ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠵᠢᠭ᠋ᠠᠨ ᠵᠢᠯᠤᠭᠤᠳᠤᠭᠴᠢ ᠵᠢᠨ ᠮᠡᠷᠭᠡᠵᠢᠯ᠎ᠤᠨ ᠲᠡᠰ᠎ᠤᠨ ᠲᠦᠷᠢᠮ᠎ᠢ ᠬᠡᠷᠡᠭᠵᠢᠭᠦᠯᠦᠨ᠎ᠡ᠃ ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠵᠢᠭ᠋ᠠᠨ ᠵᠢᠯᠤᠭᠤᠳᠤᠭᠴᠢ᠎ᠠᠴᠠ ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠠᠵᠢᠯᠯᠠᠭ᠎ᠠ ᠵᠢ ᠵᠢᠭ᠋ᠠᠨ ᠵᠢᠯᠤᠭᠤᠳᠤᠨ᠎ᠠ᠃
    ᠠᠷᠪᠠᠨ ᠬᠤᠶᠠᠳᠤᠭ᠋ᠠᠷ ᠵᠤᠷᠪᠤᠰ   ᠤᠷᠤᠨ ᠨᠤᠳᠤᠭ᠎ᠤᠨ ᠡᠯ᠎ᠡ ᠱᠠᠳᠣᠨ᠎ᠤ ᠠᠷᠠᠳ᠎ᠤᠨ ᠵᠠᠰᠠᠭ᠎ᠤᠨ ᠤᠷᠳᠤᠨ᠎ᠨᠤᠭᠤᠳ á  á ·á  á ³ ᠢᠷᠭᠡᠳ᠎ᠤᠨ ᠨᠡᠢ᠌ᠭᠡᠮ᠎ᠤᠨ ᠪᠡᠶ᠎ᠡ ᠵᠢᠨ ᠲᠠᠮᠢᠷ᠎ᠤᠨ ᠠᠵᠢᠯᠯᠠᠭ᠎ᠠ᠎ᠳᠤ ᠤᠷᠤᠯᠴᠠᠬᠤ᠎ᠳᠤᠨᠢ ᠴᠢᠬᠤᠯᠠ ᠪᠦᠬᠦᠢ ᠨᠦᠬᠦᠴᠡᠯ᠎ᠢ ᠪᠦᠷᠢᠯᠳᠦᠭᠦᠯᠦᠨ ᠦᠭᠴᠦ᠂ ᠤᠯᠠᠨ ᠲᠦᠮᠡᠨᠴᠢ ᠴᠢᠨᠠᠷᠲᠠᠢ ᠪᠠᠶ᠎ᠡ ᠵᠢᠨ ᠲᠠᠮᠢᠷ᠎ᠤᠨ ᠠᠵᠢᠯᠯᠠᠭ᠎ᠠ ᠦᠷᠨᠢᠭᠦᠯᠬᠦ ᠵᠢ ᠲᠡᠮᠵᠢᠨ ᠲᠡᠳᠬᠦᠬᠦ ᠬᠡᠷᠡᠭᠳᠡᠢ᠃
    ᠬᠤᠳᠠ᠎ᠳᠤ ᠰᠠᠭᠤᠭ᠋ᠠᠯᠢ ᠠᠷᠠᠳ᠎ᠤᠨ ᠵᠦᠪᠯᠡᠯ ᠵᠡᠷᠭᠡ ᠨᠡᠢ᠌ᠭᠡᠮ᠎ᠤᠨ ᠤᠷᠤᠨ ᠲᠤᠭᠤᠷᠢᠭ᠎ᠤᠨ ᠦᠨᠳᠦᠰᠦᠨ ᠱᠠᠳᠣᠨ᠎ᠤ ᠵᠤᠬᠢᠶᠠᠨ ᠪᠠᠢ᠌ᠭᠤᠯᠤᠯᠳᠠ ᠵᠢᠨ ᠦᠢ᠍ᠯᠡᠳᠦᠯ᠎ᠢ ᠪᠠᠳᠠᠷᠠᠭᠤᠯᠵᠦ᠂ ᠰᠠᠭᠤᠭ᠋ᠠᠯᠢ ᠠᠷᠠᠳ᠎ᠢ ᠵᠤᠬᠢᠶᠠᠨ ᠪᠠᠢ᠌ᠭᠤᠯᠤᠨ ᠪᠡᠶ᠎ᠡ ᠵᠢᠨ ᠲᠠᠮᠢᠷ᠎ᠤᠨ ᠠᠵᠢᠯᠯᠠᠭ᠎ᠠ ᠵᠢ ᠦᠷᠨᠢᠭᠦᠯᠬᠦ ᠬᠡᠷᠡᠭᠳᠡᠢ᠃
      ᠬᠦᠳᠡᠭᠡ ᠲᠤᠰᠬᠤᠨ᠎ᠳᠤ ᠭᠠᠴᠠᠭ᠋ᠠᠨ᠎ᠤ ᠠᠷᠠᠳ᠎ᠤᠨ ᠵᠦᠪᠯᠡᠯ᠂ ᠦᠨᠳᠦᠰᠦᠨ ᠱᠠᠳᠣᠨ᠎ᠤ ᠰᠣᠶᠤᠯ ᠪᠡᠶ᠎ᠡ ᠲᠠᠮᠢᠷ᠎ᠤᠨ ᠵᠤᠬᠢᠶᠠᠨ ᠪᠠᠢ᠌ᠭᠤᠯᠤᠯᠳᠠ ᠵᠢᠨ ᠦᠢ᠍ᠯᠡᠳᠦᠯ᠎ᠢ ᠪᠠᠳᠠᠷᠠᠭᠤᠯᠵᠦ᠂ ᠬᠦᠳᠡᠭᠡ ᠲᠤᠰᠬᠤᠨ᠎ᠤ ᠤᠨᠴᠠᠯᠢᠭ᠎ᠲᠤ ᠲᠤᠬᠢᠷᠠᠭᠰᠠᠨ ᠪᠡᠶ᠎ᠡ ᠵᠢᠨ ᠲᠠᠮᠢᠷ᠎ᠤᠨ ᠠᠵᠢᠯᠯᠠᠭ᠎ᠠ ᠵᠢ ᠦᠷᠨᠢᠭᠦᠯᠬᠦ ᠬᠡᠷᠡᠭᠳᠡᠢ᠃
    ᠠᠷᠪᠠᠨ ᠭᠤᠷᠪᠠᠳᠤᠭ᠋ᠠᠷ ᠵᠤᠷᠪᠤᠰ     ᠲᠦᠷᠦ ᠵᠢᠨ ᠪᠠᠢ᠌ᠭᠤᠯᠭ᠎ᠠ᠂ ᠠᠵᠦ ᠠᠬᠤᠢ᠌ᠯᠠᠯ᠂ ᠠᠵᠢᠯ ᠦᠢ᠍ᠯᠡᠰ᠎ᠤᠨ ᠵᠤᠬᠢᠶᠠᠨ ᠪᠠᠢ᠌ᠭᠤᠯᠤᠯᠳᠠ᠎ᠨᠤᠭᠤᠳ ᠤᠯᠠᠨ ᠵᠦᠢ᠍ᠯ᠎ᠤᠨ ᠬᠡᠯᠪᠡᠷᠢ ᠵᠢᠨ ᠪᠡᠶ᠎ᠡ ᠵᠢᠨ ᠲᠠᠮᠢᠷ᠎ᠤᠨ ᠠᠵᠢᠯᠯᠠᠭ᠎ᠠ ᠵᠢ ᠦᠷᠨᠢᠭᠦᠯᠵᠦ᠂ ᠤᠯᠠᠨ ᠲᠦᠮᠡᠨᠴᠢ ᠴᠢᠨᠠᠷᠲᠠᠢ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠢ ᠡᠷᠬᠢᠯᠡᠨ ᠶᠠᠪᠤᠭᠤᠯᠬᠤ ᠬᠡᠷᠡᠭᠳᠡᠢ᠃
    ᠠᠷᠪᠠᠨ ᠲᠦᠷᠪᠡᠳᠦᠭᠡᠷ ᠵᠤᠷᠪᠤᠰ   ᠠᠵᠢᠯᠴᠢᠨ᠎ᠤ ᠡᠪᠯᠡᠯ ᠵᠡᠷᠭᠡ ᠨᠡᠢ᠌ᠭᠡᠮ᠎ᠤᠨ ᠪᠦᠯᠬᠦᠮ᠎ᠤᠳ ᠦᠪᠡᠷ᠎ᠤᠨ ᠤᠨᠴᠠᠯᠢᠭ ᠵᠶ᠋ᠠᠨ ᠦᠨᠳᠦᠰᠦᠯᠡᠨ᠂ ᠪᠡᠶ᠎ᠡ ᠵᠢᠨ ᠲᠠᠮᠢᠷ᠎ᠤᠨ ᠠᠵᠢᠯᠯᠠᠭ᠎ᠠ ᠵᠢ ᠵᠤᠬᠢᠶᠠᠨ ᠪᠠᠢ᠌ᠭᠤᠯᠬᠤ ᠬᠡᠷᠡᠭᠳᠡᠢ᠃
    ᠠᠷᠪᠠᠨ ᠲᠠᠪᠤᠳᠤᠭ᠋ᠠᠷ ᠵᠤᠷᠪᠤᠰ   ᠤᠯᠤᠰ᠎ᠠᠴᠠ ᠦᠨᠳᠦᠰᠦᠳᠡᠨ᠎ᠤ ᠪᠠ ᠠᠷᠠᠳ᠎ᠤᠨ ᠲᠤᠮᠳᠠᠬᠢ ᠤᠯᠠᠮᠵᠢᠯᠠᠯᠳᠦ ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠤ ᠵᠦᠢ᠍ᠯ᠎ᠢ ᠠᠭᠤᠳᠠᠯᠤᠨ ᠢᠯᠡᠷᠡᠭᠦᠯᠵᠦ᠂ ᠡᠮᠬᠢᠳᠬᠡᠨ ᠲᠡᠭᠡᠭᠰᠢᠯᠡᠭᠦᠯᠬᠦ ᠵᠢ ᠵᠤᠷᠢᠭᠵᠢᠭᠤᠯᠤᠨ ᠲᠡᠮᠵᠢᠨ᠎ᠡ᠃
    ᠠᠷᠪᠠᠨ ᠵᠢᠷᠭᠤᠳᠤᠭ᠋ᠠᠷ ᠵᠤᠷᠪᠤᠰ   ᠪᠦᠬᠦ ᠨᠡᠢ᠌ᠭᠡᠮ ᠵᠶ᠋ᠠᠷ ᠵᠶ᠋ᠠᠨ ᠨᠠᠰᠤᠳᠠᠢ᠌ᠴᠤᠳ᠂ ᠵᠡᠮᠳᠡᠭᠴᠤᠳ᠎ᠤᠨ ᠪᠡᠶ᠎ᠡ ᠵᠢᠨ ᠲᠠᠮᠢᠷ᠎ᠤᠨ ᠠᠵᠢᠯᠯᠠᠭ᠎ᠠ᠎ᠳᠤ ᠤᠷᠤᠯᠴᠠᠬᠤ ᠵᠢ ᠬᠠᠷᠠᠭ᠋ᠠᠯᠵᠠᠨ ᠲᠡᠮᠵᠢᠬᠦ ᠬᠡᠷᠡᠭᠲᠡᠢ᠃ ᠡᠯ᠎ᠡ ᠱᠠᠳᠣᠨ᠎ᠤ ᠠᠷᠠᠳ᠎ᠤᠨ ᠵᠠᠰᠠᠭ᠎ᠤᠨ ᠤᠷᠳᠤᠨ á  á ·á ­á Žá   ᠬᠡᠮᠵᠢᠶ᠎ᠡ ᠠᠪᠴᠦ ᠪᠠᠢ᠌ᠭ᠋ᠠᠳ ᠨᠠᠰᠤᠳᠠᠢ᠌ᠴᠣᠳ᠂ ᠵᠡᠮᠳᠡᠭᠴᠤᠳ᠎ᠤᠨ ᠪᠡᠶ᠎ᠡ ᠵᠢᠨ ᠲᠠᠮᠢᠷ᠎ᠤᠨ ᠠᠵᠢᠯᠯᠠᠭ᠎ᠠ᠎ᠳᠤ ᠤᠷᠤᠯᠴᠠᠬᠤ᠎ᠳᠤ᠎ᠨᠢ ᠲᠦᠬᠦᠮ ᠦᠵᠡᠬᠦᠯᠬᠦ ᠬᠡᠷᠡᠭᠳᠡᠢ᠃
    ᠭᠤᠷᠪᠠᠳᠤᠭ᠋ᠠᠷ ᠪᠦᠯᠦᠭ   ᠰᠣᠷᠭ᠋ᠠᠭᠤᠯᠢ ᠵᠢᠨ ᠪᠡᠶ᠎ᠡ ᠵᠢᠨ ᠲᠠᠮᠢᠷ
    ᠠᠷᠪᠠᠨ ᠲᠤᠯᠤᠳᠤᠭ᠋ᠠᠷ ᠵᠤᠷᠪᠤᠰ   ᠰᠣᠷᠭ᠋ᠠᠨ ᠬᠦᠮᠦᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠪᠠ ᠰᠤᠷᠭ᠋ᠠᠭᠤᠯᠢ᠎ᠨᠤᠭᠤᠳ ᠪᠡᠶ᠎ᠡ ᠵᠢᠨ ᠲᠠᠮᠢᠷ᠎ᠤᠨ ᠬᠦᠮᠦᠵᠢᠯ᠎ᠢ ᠰᠤᠷᠭ᠋ᠠᠭᠤᠯᠢ ᠵᠢᠨ ᠰᠤᠷᠭ᠋ᠠᠨ ᠬᠦᠮᠦᠵᠢᠯ᠎ᠤᠨ ᠪᠦᠷᠢᠯᠳᠦᠭᠦᠨ á ­á ¡á °á ¡á ­ ᠪᠤᠯᠭ᠋ᠠᠵᠦ᠂ ᠶᠤᠰᠤ ᠮᠤᠷᠠᠯ᠂ ᠤᠶᠤᠨ ᠤᠬᠠᠭ᠋ᠠᠨ᠂ ᠪᠡᠶ᠎ᠡ ᠮᠠᠬᠠᠪᠤᠳ ᠵᠡᠷᠭᠡ ᠪᠦᠬᠦ ᠲᠠᠯ᠎ᠠ᠎ᠪᠠᠷ ᠭᠦᠭᠵᠢᠭᠰᠡᠨ ᠴᠢᠳᠠᠪᠤᠷᠢᠳᠠᠨ᠎ᠢ ᠬᠦᠮᠦᠵᠢᠭᠦᠯᠬᠦ ᠭᠡᠷᠡᠭᠳᠡᠢ᠃
    ᠠᠷᠪᠠᠨ ᠨᠠᠢ᠍ᠮᠠᠳᠤᠭ᠋ᠠᠷ ᠵᠤᠷᠪᠤᠰ   ᠰᠣᠷᠭ᠋ᠠᠭᠤᠯᠢ ᠡᠷᠭᠡᠪᠰᠢ ᠪᠡᠶ᠎ᠡ ᠵᠢᠨ ᠲᠠᠮᠢᠷ᠎ᠤᠨ ᠬᠢᠴᠢᠶᠡᠯ ᠡᠷᠬᠢᠯᠡᠵᠦ ᠤᠷᠤᠬᠤ ᠬᠡᠷᠡᠭᠳᠡᠢ ᠪᠦᠬᠡᠳ ᠪᠡᠶ᠎ᠡ ᠵᠢᠨ ᠲᠠᠮᠢᠷ᠎ᠤᠨ ᠬᠢᠴᠢᠶᠡᠯ᠎ᠢ ᠰᠣᠷᠣᠭᠴᠢᠳ᠎ᠤᠨ ᠰᠣᠷᠣᠯᠭ᠎ᠠ ᠵᠢᠨ ᠬᠢᠷᠢ ᠪᠦᠳᠦᠮᠵᠢ ᠵᠢ ᠰᠢᠯᠭ᠋ᠠᠨ ᠪᠠᠢ᠌ᠴᠠᠭ᠋ᠠᠬᠤ ᠬᠢᠴᠢᠶᠡᠯ᠎ᠤᠨ ᠲᠦᠷᠦᠯ ᠵᠦᠢ᠍ᠯ᠎ᠳᠤ ᠤᠷᠤᠭᠤᠯᠬᠤ ᠬᠡᠷᠡᠭᠳᠡᠢ᠃
    ᠰᠤᠷᠭ᠋ᠠᠭᠤᠯᠢ  á Žá ¨á ¤á ­á ¤á ³   ᠨᠦᠬᠦᠴᠡᠯ   ᠪᠦᠷᠢᠯᠳᠦᠭᠦᠯᠵᠦ   ᠪᠠᠢ᠌ᠭ᠋ᠠᠳ   ᠡᠪᠡᠳᠴᠢᠨ᠎ᠲᠠᠢ   ᠵᠡᠮᠳᠡᠭ   ᠰᠤᠷᠤᠭᠴᠢᠳ᠎ᠤᠨ ᠣᠨᠴᠠᠯᠢᠭ  á Žá ²á ¤   ᠲᠤᠬᠢᠷᠠᠭᠰᠠᠨ   ᠪᠡᠶ᠎ᠡ ᠵᠢᠨ   ᠲᠠᠮᠢᠷ  á Žá ¤á ¨   ᠠᠵᠢᠯᠯᠠᠭ᠎ᠠ   ᠵᠢ   ᠵᠤᠬᠢᠶᠠᠨ   ᠪᠠᠢ᠌ᠭᠤᠯᠵᠦ   ᠶᠠᠪᠤᠭᠤᠯᠬᠤ ᠬᠡᠷᠡᠭᠳᠡᠢ᠃
    ᠠᠷᠪᠠ ᠶᠢᠰᠦᠳᠦᠭᠡᠷ ᠵᠤᠷᠪᠤᠰ   ᠰᠣᠷᠭ᠋ᠠᠭᠣᠯᠢ ᠡᠷᠭᠡᠪᠰᠢ ᠤᠯᠤᠰ᠎ᠤᠨ ᠪᠡᠶ᠎ᠡ ᠵᠢᠨ ᠲᠠᠮᠢᠷ᠎ᠤᠨ ᠪᠤᠯᠪᠠᠰᠤᠷᠠᠯ᠎ᠤᠨ ᠪᠠᠷᠢᠮᠵᠢᠶ᠎ᠠ ᠵᠢ ᠬᠡᠷᠡᠭᠵᠢᠭᠦᠯᠵᠦ᠂ ᠰᠤᠷᠤᠭᠴᠢᠳ᠎ᠤᠨ ᠰᠣᠷᠭ᠋ᠠᠭᠤᠯᠢ᠎ᠳᠤ ᠪᠠᠢ᠌ᠭ᠎ᠠ ᠬᠤᠭᠤᠴᠠᠭ᠋ᠠᠨ᠎ᠳᠠᠬᠢ ᠡᠳᠦᠷ ᠪᠦᠷᠢ ᠵᠢᠨ ᠪᠡᠶ᠎ᠡ ᠵᠢᠨ ᠲᠠᠮᠢᠷ᠎ᠤᠨ ᠠᠵᠢᠯᠯᠠᠭ᠎ᠠ᠎ᠳᠤ ᠤᠷᠤᠯᠴᠠᠬᠤ á ´á  á ­á Žá ¢ ᠪᠠᠳᠤᠯᠠᠬᠤ ᠬᠡᠷᠡᠭᠳᠡᠢ᠃
    ᠬᠤᠷᠢᠳᠤᠭ᠋ᠠᠷ ᠵᠤᠷᠪᠤᠰ   ᠰᠣᠷᠭ᠋ᠠᠭᠤᠯᠢ᠎ᠨᠤᠭᠤᠳ ᠬᠢᠴᠢᠶᠡᠯ᠎ᠤᠨ ᠭᠠᠳᠠᠨᠠᠬᠢ ᠤᠯᠠᠨ ᠵᠦᠢ᠍ᠯ᠎ᠤᠨ ᠬᠡᠯᠪᠡᠡᠷᠢ ᠵᠢᠨ ᠪᠡᠶ᠎ᠡ ᠵᠢᠨ ᠲᠠᠮᠢᠷ᠎ᠤᠨ ᠠᠵᠢᠯᠯᠠᠭ᠎ᠠ ᠵᠢ ᠵᠤᠬᠢᠶᠠᠨ ᠪᠠᠢ᠌ᠭᠤᠯᠵᠦ᠂ ᠬᠢᠴᠢᠶᠡᠯ᠎ᠤᠨ ᠭᠠᠳᠠᠨᠠᠬᠢ ᠪᠤᠯᠪᠠᠰᠤᠷᠠᠯ ᠪᠠ ᠪᠠᠶ᠎ᠡ ᠵᠢᠨ ᠲᠠᠮᠢᠷ᠎ᠤᠨ ᠤᠷᠤᠯᠳᠤᠭ᠋ᠠᠨ᠎ᠢ ᠦᠷᠨᠢᠭᠦᠯᠬᠦ ᠵᠢᠨ ᠬᠠᠮᠳᠦ ᠨᠦᠬᠦᠴᠡᠯ ᠪᠤᠯᠤᠯᠴᠠᠭ᠎ᠠ᠎ᠪᠠᠨ ᠦᠨᠳᠦᠰᠦᠯᠡᠨ᠂ ᠰᠣᠷᠣᠯᠭ᠎ᠠ ᠵᠢᠨ ᠤᠨ ᠪᠦᠷᠢ᠎ᠳᠤ ᠪᠦᠬᠦ ᠰᠤᠷᠭ᠋ᠠᠭᠤᠯᠢ ᠵᠢᠨ ᠬᠡᠪᠴᠢᠶᠡᠨ᠎ᠤ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠢ ᠨᠢᠭᠡ ᠤᠳᠠᠭ᠎ᠠ ᠶᠠᠪᠤᠭᠤᠯᠬᠤ ᠬᠡᠷᠡᠭᠳᠡᠢ᠃
    ᠬᠤᠷᠢᠨ ᠨᠢᠭᠡᠳᠦᠭᠡᠷ ᠵᠤᠷᠪᠤᠰ   ᠰᠤᠷᠭ᠋ᠠᠭᠤᠯᠢ᠎ᠨᠤᠭᠤᠳ ᠤᠯᠤᠰ᠎ᠤᠨ ᠬᠤᠯᠪᠤᠭᠳᠠᠯ ᠪᠦᠬᠦᠢ ᠲᠤᠭᠳᠠᠭ᠋ᠠᠯ᠎ᠤᠨ ᠶᠤᠰᠤᠭ᠋ᠠᠷ ᠬᠢᠷᠢ᠎ᠳᠤ ᠲᠡᠩᠴᠡᠭᠰᠡᠨ ᠲᠠᠮᠢᠷ᠎ᠤᠨ ᠪᠠᠭᠰᠢ ᠵᠢ ᠲᠤᠬᠢᠷᠠᠭᠤᠯᠬᠤ ᠬᠡᠷᠡᠭᠳᠡᠢ ᠪᠦᠭᠡᠳ ᠲᠠᠮᠢᠷ᠎ᠤᠨ ᠪᠠᠭᠰᠢ᠎ᠳᠤ ᠠᠵᠢᠯ᠎ᠤᠨ ᠬᠢᠨᠢ ᠤᠨᠴᠠᠯᠢᠭ᠎ᠲᠤ ᠬᠤᠯᠪᠤᠭᠳᠠᠬᠤ ᠬᠠᠷᠠᠭ᠋ᠠᠯᠵᠠᠯ ᠬᠦᠷᠳᠡᠭᠡᠬᠦ ᠵᠢ ᠪᠠᠳᠤᠯᠠᠬᠤ ᠬᠡᠷᠡᠭᠳᠡᠢ᠃
    ᠬᠤᠷᠢᠨ ᠬᠤᠶᠠᠳᠤᠭ᠋ᠠᠷ ᠵᠤᠷᠪᠤᠰ   ᠰᠤᠷᠭ᠋ᠠᠭᠤᠯᠢ᠎ᠨᠤᠭᠤᠳ ᠲᠦᠷᠦ ᠵᠢᠨ ᠶᠠᠪᠤᠳᠠᠯ᠎ᠤᠨ ᠬᠤᠷᠢᠶᠠᠨ᠎ᠤ ᠰᠤᠷᠭ᠋ᠠᠨ ᠬᠦᠮᠦᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠤᠨ ᠲᠤᠭᠳᠠᠭ᠋ᠠᠭᠰᠠᠨ ᠪᠠᠷᠢᠮᠵᠢᠶ᠎ᠠ ᠵᠢᠨ ᠶᠤᠰᠤᠭ᠋ᠠᠷ ᠪᠡᠶ᠎ᠡ ᠵᠢᠨ ᠲᠠᠮᠢᠷ᠎ᠤᠨ ᠲᠠᠯᠠᠪᠠᠢ᠂ ᠲᠦᠭᠦᠭᠡᠷᠦᠮᠵᠢ ᠪᠠ ᠪᠠᠭ᠋ᠠᠵᠢ ᠬᠡᠷᠡᠭᠰᠡᠯ᠎ᠢ ᠲᠤᠬᠢᠷᠠᠭᠤᠯᠬᠤ ᠬᠡᠷᠡᠭᠳᠡᠢ᠃
    ᠰᠣᠷᠭ᠋ᠠᠭᠤᠯᠢ ᠵᠢᠨ ᠲᠠᠮᠢᠷ᠎ᠤᠨ ᠲᠠᠯᠠᠪᠠᠢ ᠵᠢ ᠡᠷᠭᠡᠪᠰᠢ ᠪᠠᠶ᠎ᠡ ᠵᠢᠨ ᠲᠠᠮᠢᠷ᠎ᠤᠨ ᠠᠵᠢᠯᠯᠠᠭ᠎ᠠ ᠶᠠᠪᠤᠭᠤᠯᠬᠤ᠎ᠳᠤ ᠯᠡ ᠬᠡᠷᠡᠭᠯᠡᠬᠦ ᠬᠡᠷᠡᠭᠳᠡᠢ᠂ ᠪᠣᠰᠣᠳ ᠵᠦᠢ᠍ᠯ᠎ᠳᠤ ᠬᠡᠷᠡᠭᠯᠡᠵᠦ ᠪᠤᠯᠬᠤ ᠦᠭᠡᠢ᠃
    ᠬᠤᠷᠢᠨ ᠭᠤᠷᠪᠠᠳᠤᠭ᠋ᠠᠷ ᠵᠤᠷᠪᠤᠰ   ᠰᠣᠷᠭ᠋ᠠᠭᠤᠯᠢ᠎ᠨᠤᠭᠤᠳ ᠰᠣᠷᠣᠭᠴᠢᠳ᠎ᠤᠨ ᠪᠡᠶ᠎ᠡ ᠮᠠᠬᠠᠪᠤᠳ᠎ᠤᠨ ᠡᠷᠡᠭᠦᠯ ᠴᠢᠬᠢᠷᠠᠭ᠎ᠢ ᠪᠠᠢ᠌ᠴᠠᠭ᠋ᠠᠬᠤ ᠲᠦᠷᠢᠮ᠎ᠢ ᠲᠤᠭᠳᠠᠭ᠋ᠠᠬᠤ ᠬᠡᠷᠡᠭᠳᠡᠢ᠃ ᠰᠤᠷᠭ᠋ᠠᠨ ᠬᠦᠮᠦᠵᠢᠯ᠂ ᠪᠡᠶ᠎ᠡ ᠵᠢᠨ ᠲᠠᠮᠢᠷ ᠪᠤᠯᠤᠨ ᠡᠷᠡᠭᠦᠯ ᠬᠠᠮᠠᠭ᠋ᠠᠯᠠᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠤᠳ ᠰᠣᠷᠣᠭᠴᠢᠳ᠎ᠤᠨ ᠪᠡᠶ᠎ᠡ ᠮᠠᠬᠠᠪᠤᠳ᠎ᠢ ᠰᠢᠯᠭ᠋ᠠᠨ ᠪᠠᠢ᠌ᠴᠠᠭ᠋ᠠᠬᠤ ᠠᠵᠢᠯ ᠵᠶ᠋ᠠᠨ ᠴᠢᠩᠭ᠋ᠠᠳᠬᠠᠬᠤ ᠬᠡᠷᠡᠭᠳᠡᠢ᠃
    ᠲᠦᠷᠪᠡᠳᠦᠭᠡᠷ ᠪᠦᠯᠦᠭ   ᠤᠷᠤᠯᠳᠤᠭ᠋ᠠᠨ᠎ᠤ ᠪᠡᠶ᠎ᠡ ᠵᠢᠨ ᠲᠠᠮᠢᠷ
    ᠬᠤᠷᠢᠨ ᠲᠦᠷᠪᠡᠳᠦᠭᠡᠷ ᠵᠤᠷᠪᠤᠰ   ᠤᠯᠤᠰ᠎ᠠᠴᠠ ᠤᠷᠤᠯᠳᠤᠭ᠋ᠠᠨ᠎ᠤ ᠪᠡᠶ᠎ᠡ ᠵᠢᠨ ᠲᠠᠮᠢᠷ᠎ᠤᠨ ᠬᠦᠭᠵᠢᠯᠳᠡ ᠵᠢ ᠠᠬᠢᠭᠤᠯᠵᠦ᠂ ᠲᠠᠮᠢᠷᠴᠢᠳ᠎ᠤᠨ ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠤ ᠮᠡᠷᠭᠡᠵᠢᠯ᠎ᠤᠨ ᠬᠢᠷᠢ ᠬᠡᠮᠵᠢᠶ᠎ᠡ᠎ᠪᠠᠨ ᠲᠡᠭᠡᠭᠰᠢᠯᠡᠭᠦᠯᠦᠨ᠂ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠳᠤ ᠰᠢᠯᠢᠳᠡᠭ ᠰᠠᠢ᠌ᠨ ᠪᠦᠳᠦᠮᠵᠢ ᠤᠯᠵᠦ᠂ ᠤᠯᠤᠰ᠎ᠳᠠᠭᠠᠨ ᠢᠷᠠᠭᠤ ᠠᠯᠳᠠᠷ ᠲᠡᠮᠡᠴᠡᠨ ᠣᠯᠵᠦ ᠦᠭᠬᠦ ᠵᠢ ᠵᠤᠷᠢᠭᠵᠢᠭᠤᠯᠤᠨ᠎ᠠ᠃
    ᠬᠤᠷᠢᠨ ᠲᠠᠪᠤᠳᠤᠭ᠋ᠠᠷ ᠵᠤᠷᠪᠤᠰ   ᠤᠯᠤᠰ᠎ᠠᠴᠠ ᠠᠵᠢᠯ᠎ᠤᠨ ᠴᠢᠯᠦᠭᠡᠨ᠎ᠤ ᠪᠡᠶ᠎ᠡ ᠵᠢᠨ ᠲᠠᠮᠢᠷ᠎ᠤᠨ ᠪᠤᠯᠪᠠᠰᠤᠷᠠᠯ᠎ᠢ ᠦᠷᠨᠢᠭᠦᠯᠵᠦ᠂ ᠪᠡᠶ᠎ᠡ ᠵᠢᠨ ᠲᠠᠮᠢᠷ᠎ᠤᠨ ᠰᠢᠯᠢᠳᠡᠭ ᠪᠡᠯᠡᠳᠭᠡᠯ ᠴᠢᠳᠠᠪᠤᠷᠢᠳᠠᠨ᠎ᠢ ᠬᠦᠮᠦᠵᠢᠭᠦᠯᠬᠦ ᠵᠢ ᠵᠤᠷᠢᠭᠵᠢᠭᠤᠯᠤᠨ ᠲᠡᠮᠵᠢᠨ᠎ᠡ᠃
    ᠬᠤᠷᠢᠨ ᠵᠢᠷᠭᠤᠳᠤᠭ᠋ᠠᠷ ᠵᠤᠷᠪᠤᠰ   ᠤᠯᠤᠰ᠎ᠤᠨ ᠲᠤᠳᠤᠭ᠋ᠠᠳᠦ ᠵᠢᠨ ᠪᠠ ᠲᠡᠯᠡᠭᠡᠢ ᠵᠢᠨ ᠪᠡᠶ᠎ᠡ ᠵᠢᠨ ᠲᠠᠮᠢᠷ᠎ᠤᠨ ᠴᠢᠬᠤᠯᠠ ᠶᠡᠬᠡ ᠤᠷᠤᠯᠳᠤᠭ᠋ᠠᠨ᠎ᠳᠤ ᠣᠷᠤᠯᠴᠠᠬᠤ ᠲᠠᠮᠢᠷᠴᠢᠨ ᠪᠤᠯᠤᠨ ᠲᠠᠮᠢᠷ᠎ᠤᠨ á  á ©á ­á ¢ ᠵᠢ ᠲᠦᠪ ᠭᠤᠤᠯᠴᠢ᠎ᠪᠠᠷ ᠰᠤᠩᠭᠤᠬᠤ᠂ ᠰᠢᠯᠢᠳᠡᠭ᠎ᠢ᠎ᠨᠢ ᠰᠣᠩᠭᠣᠬᠤ ᠵᠠᠷᠴᠢᠮ ᠵᠶ᠋ᠠᠷ ᠰᠢᠯᠢᠨ ᠰᠤᠩᠭᠤᠵᠦ ᠵᠤᠬᠢᠶᠠᠨ ᠪᠠᠢ᠌ᠭᠤᠯᠬᠤ ᠬᠡᠷᠡᠭᠳᠡᠢ᠃ ᠪᠤᠳᠠᠳᠠᠢ á  á ·á ­á Žá   ᠵᠢ᠎ᠨᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠪᠡᠶ᠎ᠡ ᠵᠢᠨ ᠲᠠᠮᠢᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠠᠴᠠ ᠲᠤᠭᠳᠠᠭ᠋ᠠᠨ᠎ᠠ᠃
    ᠬᠤᠷᠢᠨ ᠲᠤᠯᠤᠳᠤᠭ᠋ᠠᠷ ᠵᠤᠷᠪᠤᠰ   ᠲᠠᠮᠢᠷᠴᠢᠳ᠎ᠢ ᠬᠦᠮᠦᠵᠢᠬᠦᠯᠬᠦ᠎ᠳᠡᠭᠡᠨ ᠡᠷᠭᠡᠪᠰᠢ ᠬᠠᠳᠠᠭᠤ ᠴᠢᠩᠭ᠎ᠠ᠂ ᠰᠢᠨᠵᠢᠯᠡᠬᠦ ᠤᠬᠠᠭ᠋ᠠᠨᠴᠢ᠂ ᠪᠤᠯᠪᠠᠰᠤᠨ ᠪᠤᠯᠪᠠᠰᠤᠷᠠᠯ ᠪᠠ ᠬᠠᠮᠢᠶᠠᠷᠤᠯᠳᠠ ᠵᠢ ᠬᠡᠷᠡᠭᠵᠢᠬᠦᠯᠵᠦ᠂ ᠲᠠᠮᠢᠷᠴᠢᠳ᠎ᠲᠤ ᠡᠬᠡ ᠤᠷᠤᠨᠴᠢ ᠦᠵᠡᠯ᠂ ᠨᠡᠢ᠌ᠳᠡᠴᠢ ᠦᠵᠡᠯ ᠪᠠ ᠨᠡᠢ᠌ᠭᠡᠮ ᠵᠢᠷᠤᠮ᠎ᠤᠨ ᠬᠦᠮᠦᠵᠢᠯ ᠵᠢᠴᠢ ᠶᠣᠰᠣ ᠮᠤᠷᠠᠯ ᠪᠤᠯᠤᠨ ᠰᠠᠬᠢᠯᠭ᠎ᠠ ᠪᠠᠳᠤ ᠵᠢᠨ ᠬᠦᠮᠦᠵᠢᠯ ᠬᠢᠬᠦ ᠬᠡᠷᠡᠭᠳᠡᠢ᠃
    ᠬᠤᠷᠢᠨ ᠨᠠᠢ᠍ᠮᠠᠳᠤᠭ᠋ᠠᠷ ᠵᠤᠷᠪᠤᠰ   ᠤᠯᠤᠰ᠎ᠠᠴᠠ ᠰᠢᠯᠢᠳᠡᠭ ᠲᠠᠮᠢᠷᠴᠢᠳ᠎ᠤᠨ ᠠᠵᠢᠯ ᠤᠯᠬᠤ ᠪᠤᠶᠤ ᠰᠤᠷᠭ᠋ᠠᠭᠤᠯᠢ᠎ᠳᠤ ᠲᠡᠪᠰᠢᠬᠦ᠎ᠳᠤ᠎ᠨᠢ ᠬᠠᠷᠠᠭ᠋ᠠᠯᠵᠠᠯ ᠦᠵᠡᠭᠦᠯᠦᠨ᠎ᠡ᠃
    ᠬᠤᠷᠢ ᠶᠢᠰᠦᠳᠦᠭᠡᠷ ᠵᠤᠷᠪᠤᠰ   ᠪᠦᠬᠦ ᠤᠯᠤᠰ᠎ᠤᠨ ᠴᠢᠨᠠᠷᠳᠠᠢ ᠳᠠᠩ ᠵᠦᠢ᠍ᠯ᠎ᠤᠨ ᠪᠡᠶ᠎ᠡ ᠵᠢᠨ ᠲᠠᠮᠢᠷ᠎ᠤᠨ ᠨᠡᠢ᠌ᠭᠡᠮᠯᠢᠭ᠎ᠠᠴᠠ ᠲᠤᠰ ᠵᠦᠢ᠍ᠯ᠎ᠤᠨ ᠵᠶ᠋ᠠᠨ ᠲᠠᠮᠢᠷᠴᠢᠨ᠎ᠢ ᠲᠠᠩᠰᠠᠯᠠᠵᠦ ᠬᠠᠮᠢᠶᠠᠷᠤᠨ᠎ᠠ᠃ ᠲᠠᠩᠰᠠᠯᠠᠭᠤᠯᠤᠭᠰᠠᠨ ᠲᠠᠮᠢᠷᠴᠢᠨ ᠲᠦᠷᠦ ᠵᠢᠨ ᠶᠠᠪᠤᠳᠠᠯ᠎ᠤᠨ ᠬᠤᠷᠢᠶᠠᠨ᠎ᠤ ᠪᠡᠶ᠎ᠡ ᠵᠢᠨ ᠲᠠᠮᠢᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠤᠨ ᠲᠤᠭᠳᠠᠭ᠋ᠠᠯ᠎ᠢ ᠦᠨᠳᠦᠰᠦᠯᠡᠨ᠂ ᠬᠤᠯᠪᠤᠭᠳᠠᠯ ᠪᠦᠬᠦᠢ ᠪᠡᠶ᠎ᠡ ᠵᠢᠨ ᠲᠠᠮᠢᠷ᠎ᠤᠨ ᠤᠷᠤᠯᠳᠤᠭ᠋ᠠᠨ ᠪᠠ ᠪᠠᠶ᠎ᠡ ᠵᠢᠨ ᠲᠠᠮᠢᠷ᠎ᠤᠨ á  á ©á ­á ¢ ᠵᠢᠨ ᠬᠤᠭᠤᠷᠤᠨᠳᠤᠬᠢ ᠲᠠᠮᠢᠷᠴᠢᠨ᠎ᠤ ᠰᠢᠯᠵᠢᠯᠳᠡ᠎ᠳᠤ ᠤᠷᠤᠯᠴᠠᠵᠦ ᠪᠤᠯᠤᠨ᠎ᠠ᠃
    ᠭᠤᠴᠢᠳᠤᠭ᠋ᠠᠷ ᠵᠤᠷᠪᠤᠰ     ᠤᠯᠤᠰ᠎ᠠᠴᠠ ᠲᠠᠮᠢᠷᠴᠢᠳ᠎ᠤᠨ ᠮᠡᠷᠭᠡᠵᠢᠯ᠎ᠤᠨ ᠲᠡᠰ᠂ ᠬᠢᠨᠠᠭᠴᠢᠳ᠎ᠤᠨ ᠮᠡᠷᠭᠡᠵᠢᠯ᠎ᠤᠨ ᠲᠡᠰ ᠪᠤᠯᠤᠨ ᠰᠤᠷᠭ᠋ᠠᠭᠴᠢᠳ᠎ᠤᠨ ᠲᠤᠰᠬᠠᠢ ᠮᠡᠷᠭᠡᠵᠢᠯ᠎ᠤᠨ ᠲᠤᠰᠢᠶᠠᠯ᠎ᠤᠨ ᠲᠡᠰ᠎ᠤᠨ ᠲᠦᠷᠢᠮ᠎ᠢ ᠬᠡᠷᠡᠭᠵᠢᠭᠦᠯᠦᠨ᠎ᠡ᠃
    ᠭᠤᠴᠢᠨ ᠨᠢᠭᠡᠳᠦᠭᠡᠷ ᠵᠤᠷᠪᠤᠰ   ᠤᠯᠤᠰ᠎ᠠᠴᠠ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠢ ᠲᠡᠰ ᠪᠠ ᠲᠦᠷᠦᠯ ᠬᠤᠪᠢᠶᠠᠵᠦ ᠬᠠᠮᠢᠶᠠᠷᠤᠨ᠎ᠠ᠃  
    ᠪᠦᠬᠦ ᠤᠯᠤᠰ᠎ᠤᠨ ᠶᠡᠷᠦᠩᠬᠡᠢ᠌ᠯᠡᠭᠰᠡᠨ ᠴᠢᠨᠠᠷᠳᠠᠢ ᠪᠡᠶ᠎ᠡ ᠵᠢᠨ ᠲᠠᠮᠢᠷ᠎ᠤᠨ ᠴᠤᠭᠯᠠᠭ᠋ᠠᠨ᠎ᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠪᠡᠶ᠎ᠡ ᠵᠢᠨ ᠲᠠᠮᠢᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠬᠠᠮᠢᠶᠠᠷᠬᠤ ᠪᠤᠶᠤ ᠡᠰᠡᠭᠦᠯ᠎ᠡ ᠲᠦᠷᠦ ᠵᠢᠨ ᠶᠠᠪᠤᠳᠠᠯ᠎ᠤᠨ ᠬᠤᠷᠢᠶᠠᠨ᠎ᠤ ᠪᠡᠶ᠎ᠡ ᠵᠢᠨ ᠲᠠᠮᠢᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠠᠴᠠ ᠬᠤᠯᠪᠤᠭᠳᠠᠯ ᠪᠦᠬᠦᠢ ᠵᠤᠬᠢᠶᠠᠨ ᠪᠠᠢ᠌ᠭᠤᠯᠤᠯᠳᠠ᠎ᠲᠠᠢ ᠬᠠᠮᠳᠤᠷᠠᠵᠦ ᠬᠠᠮᠢᠶᠠᠷᠤᠨ᠎ᠠ᠃
    ᠪᠦᠬᠦ ᠤᠯᠤᠰ᠎ᠤᠨ ᠲᠠᠩ ᠵᠦᠢ᠍ᠯ᠎ᠤᠨ ᠪᠡᠶ᠎ᠡ᠎ᠤᠨ ᠲᠠᠮᠢᠷ᠎ᠤᠨ ᠤᠷᠤᠯᠳᠤᠭ᠋ᠠᠨ᠎ᠢ ᠲᠤᠰ ᠵᠦᠢ᠍ᠯ᠎ᠤᠨ ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠤ ᠪᠦᠬᠦ ᠤᠯᠤᠰ᠎ᠤᠨ ᠴᠢᠨᠠᠷᠳᠠᠢ ᠨᠡᠢ᠌ᠭᠡᠮᠯᠢᠭ᠎ᠠᠴᠠ ᠬᠠᠷᠢᠭᠤᠴᠠᠵᠦ ᠬᠠᠮᠢᠶᠠᠷᠤᠨ᠎ᠠ᠃
    ᠤᠷᠤᠨ ᠨᠤᠳᠤᠭ᠎ᠤᠨ ᠶᠡᠷᠦᠩᠬᠡᠢ᠌ᠯᠡᠭᠰᠡᠨ ᠴᠢᠨᠠᠷᠳᠠᠢ ᠪᠡᠶ᠎ᠡ ᠵᠢᠨ ᠲᠠᠮᠢᠷ᠎ᠤᠨ ᠴᠤᠭᠯᠠᠭ᠋ᠠᠨ ᠪᠠ ᠤᠷᠤᠨ ᠨᠤᠳᠤᠭ᠎ᠤᠨ ᠲᠠᠩ ᠵᠦᠢ᠍ᠯ᠎ᠤᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠤ ᠬᠠᠮᠢᠶᠠᠷᠤᠯᠳᠠ ᠵᠢᠨ á  á ·á ­á Žá   ᠵᠢ ᠣᠷᠣᠨ ᠨᠤᠳᠤᠭ᠎ᠤᠨ ᠠᠷᠠᠳ᠎ᠤᠨ ᠵᠠᠰᠠᠭ᠎ᠤᠨ ᠤᠷᠳᠣᠨ᠎ᠠᠴᠠ ᠲᠤᠭᠳᠠᠭ᠋ᠠᠨ᠎ᠠ᠃
    ᠭᠤᠴᠢᠨ ᠬᠤᠶᠠᠳᠤᠭ᠋ᠠᠷ ᠵᠤᠷᠪᠤᠰ   ᠣᠯᠣᠰ᠎ᠠᠴᠠ ᠪᠡᠶ᠎ᠡ᠎ᠤᠨ ᠲᠠᠮᠢᠷ᠎ᠤᠨ ᠤᠷᠤᠯᠳᠤᠭ᠋ᠠᠨ᠎ᠤ ᠪᠦᠬᠦ ᠤᠯᠤᠰ᠎ᠤᠨ ᠲᠡᠮᠳᠡᠭᠯᠡᠯ᠎ᠢ ᠬᠢᠨᠠᠨ ᠵᠦᠪᠰᠢᠶᠡᠷᠡᠬᠦ ᠲᠦᠷᠢᠮ᠎ᠢ ᠬᠡᠷᠡᠭᠵᠢᠭᠦᠯᠦᠨ᠎ᠡ᠃ ᠪᠦᠬᠦ ᠤᠯᠤᠰ᠎ᠤᠨ ᠲᠡᠮᠳᠡᠭᠯᠡᠯ᠎ᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠪᠡᠶ᠎ᠡ ᠵᠢᠨ ᠲᠠᠮᠢᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠠᠴᠠ ᠨᠤᠳᠠᠯᠠᠵᠦ ᠮᠡᠳᠡᠷᠡᠨ᠎ᠡ᠃
    ᠭᠤᠴᠢᠨ ᠭᠤᠷᠪᠠᠳᠤᠭ᠋ᠠᠷ ᠵᠤᠷᠪᠤᠰ   ᠤᠷᠤᠯᠳᠤᠭ᠋ᠠᠨ᠎ᠤ ᠪᠡᠶ᠎ᠡ ᠵᠢᠨ ᠲᠠᠮᠢᠷ᠎ᠤᠨ ᠠᠵᠢᠯᠯᠠᠭ᠋ᠠᠨ᠎ᠤ ᠲᠤᠮᠳᠠ ᠭᠠᠷᠤᠭᠰᠠᠨ ᠵᠢᠭᠤᠷᠠᠯᠳᠤᠭ᠋ᠠᠨ᠎ᠢ ᠪᠡᠶ᠎ᠡ ᠵᠢᠨ ᠲᠠᠮᠢᠷ᠎ᠤᠨ ᠬᠦᠨᠳᠡᠯᠡᠨ᠎ᠠᠴᠠ ᠲᠠᠰᠤᠯᠬᠤ ᠪᠠᠢ᠌ᠭᠤᠯᠤᠮᠵᠢ ᠬᠠᠷᠢᠭᠤᠴᠠᠨ ᠡᠶᠡᠳᠡᠭᠦᠯᠵᠦ ᠬᠦᠨᠳᠡᠯᠡᠨ᠎ᠠᠴᠠ ᠲᠠᠰᠣᠯᠣᠨ᠎ᠠ᠃
    ᠪᠡᠶ᠎ᠡ ᠵᠢᠨ ᠲᠠᠮᠢᠷ᠎ᠤᠨ ᠬᠦᠨᠳᠡᠯᠡᠨ᠎ᠠᠴᠠ ᠲᠠᠰᠤᠯᠬᠤ ᠪᠠᠢ᠌ᠭᠤᠯᠤᠮᠵᠢ ᠵᠢ ᠪᠠᠢ᠌ᠭᠤᠯᠬᠤ á  á ·á ­á Žá   ᠪᠠ ᠬᠦᠨᠳᠡᠯᠡᠨ᠎ᠠᠴᠠ ᠲᠠᠰᠣᠯᠬᠣ ᠬᠦᠷᠢᠶ᠎ᠡ ᠬᠡᠪᠴᠢᠶ᠎ᠡ ᠵᠢ ᠲᠦᠷᠦ ᠵᠢᠨ ᠶᠠᠪᠤᠳᠠᠯ᠎ᠤᠨ ᠬᠤᠷᠢᠶᠠᠨ᠎ᠠᠴᠠ ᠠᠰ᠎ᠲᠤᠨᠢ ᠲᠤᠭᠳᠠᠭ᠋ᠠᠨ᠎ᠠ᠃
    ᠭᠤᠴᠢᠨ ᠲᠦᠷᠪᠡᠳᠦᠭᠡᠷ ᠵᠤᠷᠪᠤᠰ   ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠳᠤ ᠭᠤᠤᠯᠴᠢ᠎ᠪᠠᠷ ᠦᠷᠢᠰᠦᠯᠳᠦᠬᠦ ᠵᠠᠷᠴᠢᠮ᠎ᠢ ᠬᠡᠷᠡᠭᠵᠢᠬᠦᠯᠦᠨ᠎ᠡ᠃ ᠪᠡᠶ᠎ᠡ ᠵᠢᠨ ᠲᠡᠮᠢᠷ᠎ᠤᠨ ᠣᠷᠤᠯᠳᠤᠭ᠋ᠠᠨ᠎ᠢ ᠵᠤᠬᠢᠶᠠᠨ ᠪᠠᠢ᠌ᠭᠤᠯᠤᠭᠴᠢ ᠪᠠ ᠲᠠᠮᠢᠷᠴᠢᠳ᠂ ᠰᠤᠷᠭ᠋ᠠᠭᠴᠢᠳ᠂ ᠬᠢᠨᠠᠭᠴᠢᠳ ᠪᠡᠶ᠎ᠡ ᠵᠢᠨ ᠲᠠᠮᠢᠷ᠎ᠤᠨ ᠶᠤᠰᠦ ᠮᠤᠷᠠᠯ᠎ᠢ ᠵᠢᠷᠤᠮᠯᠠᠬᠤ ᠬᠡᠷᠡᠭᠳᠡᠢ᠂ ᠬᠤᠳᠠᠯ ᠬᠡᠯᠡᠵᠦ ᠬᠠᠭᠤᠷᠮᠠᠭ ᠵᠶ᠋ᠠᠷ ᠵᠤᠬᠢᠶᠠᠨ᠂ á  á ·á ­á Žá   ᠵᠠᠯᠢ ᠬᠡᠷᠡᠭᠯᠡᠵᠦ᠂ ᠠᠮᠢᠨ᠎ᠳᠠᠭᠠᠨ ᠲᠠᠳᠠᠵᠦ ᠪᠤᠯᠬᠤ ᠦᠭᠡᠢ᠃
    ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠤ ᠲᠤᠮᠳᠠ ᠴᠠᠭ᠋ᠠᠵᠠ᠎ᠲᠠᠢ á ¡á ® ᠪᠠ á  á ·á ­á Žá   ᠵᠢ ᠬᠡᠷᠡᠭᠯᠡᠬᠦ ᠵᠢ á ¡á ·á ¡á ° ᠬᠤᠷᠢᠭᠯᠠᠨ᠎ᠠ᠃ ᠴᠠᠭ᠋ᠠᠵᠠ᠎ᠲᠠᠢ ᠡᠮ᠎ᠢ ᠪᠠᠢ᠌ᠴᠠᠭ᠋ᠠᠨ ᠰᠢᠯᠭ᠋ᠠᠬᠤ ᠪᠠᠢ᠌ᠭᠤᠯᠤᠮᠵᠢ᠎ᠠᠴᠠ ᠴᠠᠭ᠋ᠠᠵᠠ᠎ᠲᠠᠢ á ¡á ® ᠪᠠ á  á ·á ­á Žá   ᠵᠢ ᠴᠢᠩᠭ᠎ᠠ ᠪᠠᠢ᠌ᠴᠠᠭ᠋ᠠᠬᠤ ᠬᠡᠷᠡᠭᠳᠡᠢ᠃
    ᠶᠠᠮᠠᠷᠪᠠ ᠵᠤᠬᠢᠶᠠᠨ ᠪᠠᠢ᠌ᠭᠤᠯᠤᠯᠳᠠ ᠪᠤᠯᠤᠨ ᠬᠤᠪᠢ ᠬᠦᠮᠦᠨ ᠪᠡᠶ᠎ᠡ ᠵᠢᠨ ᠲᠠᠮᠢᠷ᠎ᠤᠨ ᠤᠷᠤᠯᠳᠤᠭ᠋ᠠᠨ᠎ᠢ ᠠᠰᠢᠭᠯᠠᠨ ᠵᠤᠭᠤᠰ ᠵᠶ᠋ᠠᠷ ᠮᠦᠷᠦᠢ᠌ᠴᠡᠬᠦ ᠠᠵᠢᠯᠯᠠᠭ᠎ᠠ ᠬᠢᠬᠦ ᠵᠢ á ¡á ·á ¡á ° ᠬᠤᠷᠢᠭᠯᠠᠨ᠎ᠠ᠃
    ᠭᠤᠴᠢᠨ ᠲᠠᠪᠤᠳᠤᠭ᠋ᠠᠷ ᠵᠤᠷᠪᠤᠰ   ᠲᠤᠮᠳᠠᠳᠤ ᠤᠯᠤᠰ᠎ᠤᠨ ᠬᠢᠯᠢ ᠲᠤᠳᠤᠷ᠎ᠠ ᠡᠷᠬᠢᠯᠡᠵᠦ ᠶᠠᠪᠤᠭᠤᠯᠤᠭᠰᠠᠨ ᠪᠡᠶ᠎ᠡ ᠵᠢᠨ ᠲᠠᠮᠢᠷ᠎ᠤᠨ ᠴᠢᠬᠤᠯᠠ ᠶᠡᠬᠡ ᠤᠷᠤᠯᠳᠤᠭ᠋ᠠᠨ᠎ᠤ ᠨᠡᠷᠡᠢ᠌ᠳᠦᠯ᠂ ᠰᠦᠯᠳᠡ ᠲᠡᠮᠳᠡᠭ᠂ ᠲᠤᠭ ᠲᠠᠯᠪᠠᠭ᠎ᠠ ᠵᠢᠴᠢ ᠦᠯᠵᠡᠢ᠌ᠳᠦ ᠠᠮᠢᠳᠠᠨ ᠵᠠᠷᠭᠡ ᠵᠢᠨ ᠲᠡᠮᠳᠡᠭ᠎ᠢ ᠤᠯᠤᠰ᠎ᠤᠨ ᠬᠤᠯᠪᠤᠭᠳᠠᠯ ᠪᠦᠬᠦᠢ ᠲᠤᠭᠳᠠᠭ᠋ᠠᠯ ᠶᠤᠰᠤᠭ᠋ᠠᠷ ᠬᠠᠮᠠᠭ᠋ᠠᠯᠠᠨ᠎ᠠ᠃
    ᠲᠠᠪᠤᠳᠤᠭ᠋ᠠᠷ ᠪᠦᠯᠦᠭ   ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠪᠦᠯᠬᠦᠮ
    ᠭᠤᠴᠢᠨ ᠵᠢᠷᠭᠤᠳᠤᠭ᠋ᠠᠷ ᠵᠤᠷᠪᠣᠰ   ᠤᠯᠤᠰ᠎ᠠᠴᠠ ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠪᠦᠯᠭᠦᠮ᠎ᠤᠳ᠎ᠤᠨ ᠦᠪᠡᠷ᠎ᠤᠨ ᠲᠦᠷᠢᠮ᠎ᠤᠨ ᠵᠶ᠋ᠠᠨ ᠶᠤᠰᠤᠭ᠋ᠠᠷ ᠪᠠᠶ᠎ᠠ ᠵᠢᠨ ᠲᠠᠮᠢᠷ᠎ᠤᠨ ᠠᠵᠢᠯᠯᠠᠭ᠎ᠠ ᠵᠤᠬᠢᠶᠠᠨ ᠪᠠᠢ᠌ᠭᠤᠯᠵᠦ᠂ ᠪᠡᠶ᠎ᠡ ᠵᠢᠨ ᠲᠠᠮᠢᠷ᠎ᠤᠨ ᠦᠢ᠍ᠯᠡᠰ᠎ᠤᠨ ᠬᠦᠭᠵᠢᠯᠳᠡ ᠵᠢ ᠲᠦᠯᠬᠢᠨ ᠠᠬᠢᠭᠤᠯᠬᠤ ᠵᠢ ᠵᠤᠷᠢᠭᠵᠢᠭᠤᠯᠤᠨ ᠲᠡᠮᠵᠢᠨ᠎ᠡ᠃
    ᠭᠤᠴᠢᠨ ᠲᠤᠯᠤᠳᠤᠭ᠋ᠠᠷ ᠵᠤᠷᠪᠤᠰ   ᠡᠯ᠎ᠡ ᠱᠠᠳᠤᠨ᠎ᠤ ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠤ ᠶᠡᠷᠦᠩᠭᠡᠢ ᠡᠪᠯᠡᠯ ᠪᠤᠯ ᠲᠠᠮᠢᠷᠴᠢᠳ ᠪᠤᠯᠤᠨ ᠪᠡᠶ᠎ᠡ ᠵᠢᠨ ᠲᠠᠮᠢᠷ᠎ᠤᠨ ᠠᠵᠢᠯᠴᠢᠳ᠎ᠲᠠᠢ ᠬᠠᠷᠢᠯᠴᠠᠵᠦ ᠪᠦᠯᠬᠦᠮᠳᠡᠬᠦ ᠤᠯᠠᠨ ᠲᠦᠮᠡᠨᠴᠢ ᠴᠢᠨᠠᠷᠲᠠᠢ ᠪᠡᠶ᠎ᠡ ᠵᠢᠨ ᠲᠠᠮᠢᠷ᠎ᠤᠨ ᠵᠤᠬᠢᠶᠠᠨ ᠪᠠᠢ᠌ᠭᠤᠯᠤᠯᠳᠠ ᠮᠦᠨ᠂ ᠪᠡᠶ᠎ᠡ ᠵᠢᠨ ᠲᠠᠮᠢᠷ᠎ᠤᠨ ᠦᠢ᠍ᠯᠡᠰ᠎ᠢ ᠬᠦᠭᠵᠢᠬᠦᠯᠬᠦ ᠶᠠᠪᠤᠴᠠ᠎ᠳᠤ ᠦᠢ᠍ᠯᠡᠳᠦᠯ ᠵᠶ᠋ᠠᠨ ᠪᠠᠳᠠᠷᠠᠭᠤᠯᠬᠤ ᠬᠡᠷᠡᠭᠳᠡᠢ᠃
    ᠭᠤᠴᠢᠨ ᠨᠠᠢ᠍ᠮᠠᠳᠤᠭ᠋ᠠᠷ ᠵᠤᠷᠪᠤᠰ   ᠲᠤᠮᠳᠠᠳᠤ ᠤᠯᠤᠰ᠎ᠤᠨ ᠤᠯᠢᠮᠫᠢᠺ᠎ᠤᠨ ᠵᠦᠪᠯᠡᠯ ᠪᠤᠯ ᠤᠯᠢᠮᠫᠢᠺ᠎ᠤᠨ ᠬᠦᠳᠡᠯᠭᠡᠭᠡᠨ᠎ᠢ ᠬᠦᠭᠵᠢᠬᠦᠯᠬᠦ ᠪᠠ ᠲᠦᠯᠬᠢᠨ ᠠᠬᠢᠭᠤᠯᠬᠤ ᠶᠠᠪᠤᠳᠠᠯ ᠵᠶ᠋ᠠᠷ ᠭᠤᠤᠯ ᠡᠭᠦᠷᠭᠡ᠎ᠪᠠᠨ ᠪᠤᠯᠭ᠋ᠠᠭᠰᠠᠨ ᠪᠡᠶ᠎ᠡ ᠵᠢᠨ ᠲᠠᠮᠢᠷ᠎ᠤᠨ ᠵᠤᠬᠢᠶᠠᠨ ᠪᠠᠢ᠌ᠭᠤᠯᠤᠯᠳᠠ ᠮᠦᠨ᠂ ᠲᠤᠮᠳᠠᠳᠤ ᠤᠯᠤᠰ᠎ᠢ ᠲᠦᠯᠦᠭᠡᠯᠡᠨ ᠲᠡᠯᠡᠬᠡᠢ ᠵᠢᠨ ᠤᠯᠢᠮᠫᠢᠺ᠎ᠤᠨ ᠬᠡᠷᠡᠭ ᠶᠠᠪᠤᠳᠠᠯ᠎ᠳᠤ ᠤᠷᠤᠯᠴᠠᠨ᠎ᠠ᠃
    ᠭᠤᠴᠢ ᠶᠢᠰᠦᠳᠤᠭᠡᠷ ᠵᠤᠷᠪᠤᠰ   ᠪᠡᠶ᠎ᠡ ᠵᠢᠨ ᠲᠠᠮᠢᠷ᠎ᠤᠨ ᠰᠢᠨᠵᠢᠯᠡᠬᠦ ᠤᠬᠠᠭ᠋ᠠᠨ᠎ᠤ ᠨᠡᠢ᠌ᠭᠡᠮ᠎ᠤᠨ ᠪᠦᠯᠬᠦᠮ ᠪᠤᠯ ᠪᠡᠶ᠎ᠡ ᠵᠢᠨ ᠲᠠᠮᠢᠷ᠎ᠤᠨ ᠰᠢᠨᠵᠢᠯᠡᠬᠦ ᠤᠬᠠᠭ᠋ᠠᠨ ᠲᠸᠭᠨᠢᠭ ᠮᠡᠷᠭᠡᠵᠢᠯ᠎ᠤᠨ ᠠᠵᠢᠯᠳᠠᠳ᠎ᠤᠨ ᠡᠷᠳᠡᠮ ᠰᠢᠨᠵᠢᠯᠡᠭᠡᠨ᠎ᠤ ᠴᠢᠨᠠᠷᠳᠠᠢ ᠤᠯᠠᠨ ᠲᠦᠮᠡᠨᠴᠢ ᠵᠤᠬᠢᠶᠠᠨ ᠪᠠᠢ᠌ᠭᠤᠯᠤᠯᠳᠠ ᠮᠦᠨ᠂ ᠪᠠᠶ᠎ᠡ ᠵᠢᠨ ᠲᠠᠮᠢᠷ᠎ᠤᠨ ᠰᠢᠨᠵᠢᠯᠡᠬᠦ ᠣᠬᠠᠭ᠋ᠠᠨ ᠲᠸᠭᠨᠢᠭ ᠮᠡᠷᠭᠡᠵᠢᠯ᠎ᠤᠨ ᠦᠢ᠍ᠯᠡᠰ᠎ᠢ ᠬᠦᠭᠵᠢᠬᠦᠯᠬᠦ ᠶᠠᠪᠤᠴᠠ᠎ᠳᠤ ᠦᠢ᠍ᠯᠡᠳᠦᠯ ᠵᠶ᠋ᠠᠨ ᠪᠠᠳᠠᠷᠠᠭᠤᠯᠬᠤ ᠬᠡᠷᠡᠭᠳᠡᠢ᠃
    ᠲᠦᠴᠢᠳᠦᠭᠡᠷ ᠵᠤᠷᠪᠤᠰ   ᠪᠦᠬᠦ ᠤᠯᠤᠰ᠎ᠤᠨ ᠴᠢᠨᠠᠷᠳᠠᠢ ᠲᠠᠩ ᠵᠦᠢ᠍ᠯ᠎ᠤᠨ ᠪᠡᠶ᠎ᠡ ᠵᠢᠨ ᠲᠠᠮᠢᠷ᠎ᠤᠨ ᠨᠡᠢ᠌ᠭᠡᠮᠯᠢᠭ ᠪᠤᠯ ᠲᠤᠰ ᠵᠦᠢ᠍ᠯ᠎ᠤᠨ ᠵᠶ᠋ᠠᠨ ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠢ ᠲᠦᠭᠡᠮᠡᠯᠵᠢᠭᠦᠯᠬᠦ ᠪᠠ ᠲᠡᠭᠡᠭᠰᠢᠯᠡᠭᠦᠯᠬᠦ ᠠᠵᠢᠯ᠎ᠢ ᠬᠠᠮᠢᠶᠠᠷᠴᠦ᠂ ᠲᠤᠮᠳᠠᠳᠤ ᠤᠯᠤᠰ᠎ᠢ ᠲᠦᠯᠦᠭᠡᠯᠡᠨ ᠲᠡᠯᠡᠬᠡᠢ ᠵᠢᠨ ᠲᠠᠩ ᠵᠦᠢ᠍ᠯ᠎ᠤᠨ ᠪᠡᠶ᠎ᠡ ᠵᠢᠨ ᠲᠠᠮᠢᠷ᠎ᠤᠨ ᠲᠤᠬᠢᠷᠠᠭᠰᠠᠨ ᠵᠤᠬᠢᠶᠠᠨ ᠪᠠᠢ᠌ᠭᠤᠯᠤᠯᠳᠠ᠎ᠳᠤ ᠤᠷᠤᠯᠴᠠᠨ᠎ᠠ᠃
    ᠵᠢᠷᠭᠤᠳᠤᠭ᠋ᠠᠷ ᠪᠦᠯᠦᠭ   ᠪᠠᠳᠤᠯᠠᠬᠤ ᠨᠦᠭᠦᠴᠡᠯ
    ᠲᠦᠴᠢᠨ ᠨᠢᠭᠡᠳᠦᠭᠡᠷ ᠵᠤᠷᠪᠤᠰ   ᠰᠢᠶᠠᠨ᠎ᠤ ᠱᠠᠳᠣᠨ᠎ᠠᠴᠠ ᠲᠡᠭᠡᠭᠰᠢᠬᠢ ᠡᠯ᠎ᠡ ᠱᠠᠳᠣᠨ᠎ᠤ ᠠᠷᠠᠳ᠎ᠤᠨ ᠵᠠᠰᠠᠭ᠎ᠤᠨ ᠤᠷᠳᠤᠨ᠎ᠨᠤᠭᠤᠳ ᠪᠡᠶ᠎ᠡ ᠵᠢᠨ ᠲᠠᠮᠢᠷ᠎ᠤᠨ ᠦᠢ᠍ᠯᠡᠰ᠎ᠤᠨ ᠵᠠᠷᠤᠳᠠᠯ᠂ ᠪᠡᠶ᠎ᠡ ᠵᠢᠨ ᠲᠠᠮᠢᠷ᠎ᠤᠨ ᠦᠢ᠍ᠯᠡᠰ᠎ᠤᠨ ᠦᠨᠳᠦᠰᠦᠨ ᠪᠦᠳᠦᠭᠡᠨ ᠪᠠᠢ᠌ᠭᠤᠯᠤᠯᠳᠠ ᠵᠢᠨ ᠪᠡᠯᠡ ᠮᠦᠩᠭᠦ ᠵᠢ ᠲᠤᠰ ᠱᠠᠳᠣᠨ᠎ᠤ᠎ᠪᠠᠨ ᠡᠳ᠋᠎ᠤᠨ ᠵᠠᠰᠠᠭ᠎ᠤᠨ ᠲᠦᠰᠦᠪ ᠪᠠ ᠦᠨᠳᠦᠰᠦᠨ ᠪᠦᠳᠦᠭᠡᠨ ᠪᠠᠢ᠌ᠭᠤᠯᠤᠯᠳᠠ ᠵᠢᠨ ᠪᠡᠯᠡ ᠤᠷᠤᠭᠤᠯᠤᠯᠳᠠ ᠵᠢᠨ ᠲᠦᠯᠦᠪᠯᠡᠭᠡ᠎ᠳᠡᠭᠡᠨ ᠤᠷᠤᠭᠤᠯᠬᠤ ᠬᠡᠷᠡᠭᠳᠡᠢ᠂ ᠲᠡᠷᠡᠴᠢᠯᠡᠨ ᠤᠯᠤᠰ ᠠᠷᠠᠳ᠎ᠤᠨ ᠠᠵᠦ ᠠᠬᠤᠢ ᠵᠢᠨ ᠬᠦᠭᠵᠢᠯᠳᠡ ᠵᠢᠨ ᠲᠠᠭ᠋ᠠᠦ ᠪᠡᠶ᠎ᠡ ᠵᠢᠨ ᠲᠠᠮᠢᠷ᠎ᠤᠨ ᠦᠢ᠍ᠯᠡᠰ᠎ᠤᠨ ᠲᠠᠯ᠎ᠠ᠎ᠪᠠᠷ᠎ᠬᠢ ᠤᠷᠤᠭᠤᠯᠤᠯᠳᠠ᠎ᠪᠠᠨ ᠠᠯᠬᠤᠮ ᠠᠯᠬᠤᠮ ᠵᠶ᠋ᠠᠷ ᠨᠡᠮᠡᠭᠳᠡᠭᠦᠯᠬᠦ ᠬᠡᠷᠡᠭᠳᠡᠢ᠃
    ᠲᠦᠴᠢᠨ ᠬᠤᠶᠠᠳᠤᠭ᠋ᠠᠷ ᠵᠤᠷᠪᠤᠰ   ᠤᠯᠤᠰ᠎ᠠᠴᠠ ᠠᠵᠦ ᠠᠬᠤᠢ᠌ᠯᠠᠯ ᠠᠵᠢᠯ ᠦᠢ᠍ᠯᠡᠰ᠎ᠤᠨ ᠵᠤᠬᠢᠶᠠᠨ ᠪᠠᠢ᠌ᠭᠤᠯᠤᠯᠳᠠ ᠪᠠ ᠨᠡᠢ᠌ᠭᠡᠮ᠎ᠤᠨ ᠪᠦᠯᠬᠦᠮ᠎ᠤᠳ᠎ᠤᠨ ᠦᠪᠡᠷ ᠵᠶ᠋ᠠᠨ ᠪᠡᠯᠡ ᠮᠦᠩᠭᠦ ᠬᠤᠷᠠᠮᠳᠤᠭᠤᠯᠤᠨ ᠪᠡᠶ᠎ᠡ ᠵᠢᠨ ᠲᠠᠮᠢᠷ᠎ᠤᠨ ᠦᠢ᠍ᠯᠡᠰ᠎ᠢ ᠬᠦᠭᠵᠢᠬᠦᠯᠬᠦ ᠵᠢ ᠵᠤᠷᠢᠭᠵᠢᠭᠤᠯᠵᠦ᠂ ᠵᠤᠬᠢᠶᠠᠨ ᠪᠠᠢ᠌ᠭᠤᠯᠤᠯᠳᠠ ᠪᠠ ᠬᠤᠪᠢ ᠬᠦᠮᠦᠨ᠎ᠤ ᠪᠡᠶ᠎ᠡ ᠵᠢᠨ ᠲᠠᠮᠢᠷ᠎ᠤᠨ ᠦᠢ᠍ᠯᠡᠰ᠎ᠲᠤ ᠡᠳ᠋ ᠮᠦᠩᠭᠦ ᠪᠡᠯᠡᠭᠯᠡᠬᠦ ᠪᠠ ᠲᠡᠮᠵᠢᠯᠭᠡ ᠦᠵᠡᠭᠦᠯᠬᠦ ᠵᠢ ᠵᠤᠷᠢᠭᠵᠢᠭᠤᠯᠤᠨ᠎ᠠ᠃
    ᠲᠦᠴᠢᠨ ᠭᠤᠷᠪᠠᠳᠤᠭ᠋ᠠᠷ ᠵᠤᠷᠪᠤᠰ   ᠤᠯᠤᠰ᠎ᠤᠨ ᠬᠤᠯᠪᠤᠭᠳᠠᠯ ᠪᠦᠬᠦᠢ ᠰᠠᠯᠠᠭ᠎ᠠ ᠮᠦᠴᠢᠷ᠎ᠤᠳ ᠪᠡᠶ᠎ᠡ ᠵᠢᠨ ᠲᠠᠮᠢᠷ᠎ᠤᠨ ᠪᠡᠯᠡ ᠮᠦᠩᠭᠦᠨ᠎ᠤ ᠬᠠᠮᠢᠶᠠᠷᠤᠯᠳᠠ ᠵᠢ ᠴᠢᠩᠭ᠋ᠠᠳᠬᠠᠬᠤ ᠬᠡᠷᠡᠭᠳᠡᠢ᠂ ᠶᠠᠮᠠᠷᠪᠠ ᠵᠤᠬᠢᠶᠠᠨ ᠪᠠᠢ᠌ᠭᠤᠯᠤᠯᠳᠠ ᠪᠤᠯᠤᠨ ᠬᠤᠪᠢ ᠬᠦᠮᠦᠨ ᠪᠡᠶ᠎ᠡ ᠵᠢᠨ ᠲᠠᠮᠢᠷ᠎ᠤᠨ ᠪᠡᠯᠡ ᠮᠦᠩᠭᠦ ᠵᠢ ᠨᠡᠭᠦᠯᠭᠡᠨ ᠬᠡᠷᠡᠭᠯᠡᠬᠦ ᠪᠠ ᠦᠯᠡᠳᠡᠭᠡᠨ ᠠᠪᠴᠦ ᠪᠤᠯᠬᠤ ᠦᠭᠡᠢ᠃
    ᠲᠦᠴᠢᠨ ᠲᠦᠷᠪᠡᠳᠦᠭᠡᠷ ᠵᠤᠷᠪᠤᠰ   ᠰᠢᠶᠠᠨ᠎ᠤ ᠱᠠᠳᠣᠨ᠎ᠠᠴᠠ ᠲᠡᠭᠡᠭᠰᠢᠬᠢ ᠡᠯ᠎ᠡ ᠱᠠᠳᠣᠨ᠎ᠤ ᠠᠷᠠᠳ᠎ᠤᠨ ᠵᠠᠰᠠᠭ᠎ᠤᠨ ᠣᠷᠳᠤᠨ᠎ᠤ ᠪᠡᠶ᠎ᠡ ᠵᠢᠨ ᠲᠠᠢ᠌ᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠤᠳ ᠪᠡᠶ᠎ᠡ ᠮᠠᠬᠠᠪᠤᠳ ᠴᠢᠬᠢᠷᠠᠭᠵᠢᠭᠤᠯᠬᠤ᠂ ᠤᠷᠤᠯᠳᠤᠭ᠋ᠠᠨ ᠬᠢᠬᠦ ᠵᠡᠷᠭᠡ ᠪᠡᠶ᠎ᠡ ᠵᠢᠨ ᠲᠠᠮᠢᠷ᠎ᠤᠨ ᠠᠵᠢᠯᠯᠠᠭ᠎ᠠ᠎ᠪᠠᠷ ᠠᠭᠤᠯᠭ᠎ᠠ ᠪᠤᠯᠭ᠋ᠠᠭᠰᠠᠨ ᠡᠵᠡᠩᠨᠡᠯᠳᠡ ᠵᠢᠨ ᠠᠵᠢᠯᠯᠠᠭ᠎ᠠ ᠵᠢ ᠤᠯᠤᠰ᠎ᠤᠨ ᠬᠤᠯᠪᠤᠭᠳᠠᠯ ᠪᠦᠬᠦᠢ ᠲᠤᠭᠳᠠᠭ᠋ᠠᠯ ᠶᠤᠰᠤᠭ᠋ᠠᠷ ᠴᠢᠩᠭ᠎ᠠ ᠬᠠᠮᠢᠶᠠᠷᠴᠦ ᠬᠢᠨᠠᠬᠤ ᠬᠡᠷᠡᠭᠳᠡᠢ᠃
    ᠲᠦᠴᠢᠨ ᠲᠠᠪᠤᠳᠤᠭ᠋ᠠᠷ ᠵᠤᠷᠪᠤᠰ   ᠰᠢᠶᠠᠨ᠎ᠤ ᠱᠠᠳᠣᠨ᠎ᠠᠴᠠ ᠲᠡᠭᠡᠭᠰᠢᠬᠢ ᠤᠷᠤᠨ ᠨᠤᠳᠤᠭ᠎ᠤᠨ ᠡᠯ᠎ᠡ ᠱᠠᠳᠣᠨ᠎ᠤ ᠠᠷᠠᠳ᠎ᠤᠨ ᠵᠠᠰᠠᠭ᠎ᠤᠨ ᠤᠷᠳᠤᠨ᠎ᠨᠤᠭᠤᠳ ᠬᠤᠳᠠ ᠵᠢᠨ ᠤᠯᠠᠨ ᠨᠡᠢ᠌ᠳᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ᠎ᠳᠤ ᠬᠡᠷᠡᠭᠯᠡᠬᠦ ᠭᠠᠵᠠᠷ ᠰᠢᠷᠤᠢ ᠵᠢᠨ ᠬᠡᠮᠵᠢᠶ᠎ᠡ ᠵᠢᠨ ᠲᠤᠬᠠᠢ ᠤᠯᠤᠰ᠎ᠤᠨ ᠲᠤᠭᠳᠠᠭ᠋ᠠᠯ ᠶᠤᠰᠤᠭ᠋ᠠᠷ᠂ ᠬᠤᠳᠠ ᠵᠢᠨ ᠤᠯᠠᠨ ᠨᠡᠢ᠌ᠳᠡ ᠵᠢᠨ ᠪᠡᠶ᠎ᠡ ᠵᠢᠨ ᠲᠠᠮᠢᠷ᠎ᠤᠨ ᠲᠦᠭᠦᠭᠡᠷᠦᠮᠵᠢ ᠵᠢᠨ ᠪᠦᠳᠦᠭᠡᠨ ᠪᠠᠢ᠌ᠭᠤᠯᠤᠯᠳᠠ ᠵᠢ ᠬᠤᠳᠠ ᠵᠢᠨ ᠪᠦᠳᠦᠭᠡᠨ ᠪᠠᠢ᠌ᠭᠤᠯᠤᠯᠳᠠ ᠵᠢᠨ ᠲᠦᠯᠦᠪᠵᠢᠭᠦᠯᠭᠡ ᠪᠠ ᠭᠠᠵᠠᠷ ᠰᠢᠷᠣᠢ ᠠᠰᠢᠭᠯᠠᠬᠤ ᠶᠡᠷᠦᠩᠬᠡᠢ ᠲᠦᠯᠦᠪᠵᠢᠭᠦᠯᠬᠡ᠎ᠳᠡᠭᠡᠨ ᠤᠷᠤᠭᠤᠯᠵᠦ᠂ ᠵᠤᠬᠢᠰᠳᠠᠢ᠎ᠪᠠᠷ ᠪᠠᠢ᠌ᠷᠢᠯᠠᠭᠤᠯᠤᠨ ᠨᠢᠭᠡᠳᠦᠯᠳᠡᠢ ᠲᠤᠬᠢᠷᠠᠭᠤᠯᠬᠤ ᠬᠡᠷᠡᠭᠳᠡᠢ᠃
    ᠬᠤᠳᠠ ᠵᠢᠨ ᠠᠵᠦ ᠠᠬᠤᠢ᠌ᠯᠠᠯ᠂ ᠰᠤᠷᠭ᠋ᠠᠭᠤᠯᠢ᠂ ᠵᠡᠬᠡᠯᠢ ᠭᠤᠳᠤᠮᠵᠢ ᠪᠠ ᠤᠷᠤᠨ ᠰᠠᠭᠤᠴᠠ ᠵᠢᠨ ᠲᠤᠭᠤᠷᠢᠭ᠎ᠢ ᠲᠦᠯᠦᠪᠵᠢᠭᠦᠯᠬᠦ᠎ᠳᠡᠭᠡᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢ ᠪᠦᠳᠦᠭᠡᠨ ᠪᠠᠢ᠌ᠭᠤᠯᠤᠯᠳᠠ ᠵᠢᠨ ᠲᠦᠯᠦᠪᠵᠢᠭᠦᠯᠬᠡ᠎ᠳᠡᠭᠡᠨ ᠤᠷᠤᠭᠤᠯᠬᠤ ᠬᠡᠷᠡᠭᠳᠡᠢ᠃
    ᠰᠣᠮᠤ᠂ ᠦᠨᠳᠦᠰᠦᠳᠡᠨ᠎ᠤ ᠰᠣᠮᠣ᠂ ᠪᠠᠯᠭ᠋ᠠᠰᠤ᠎ᠨᠤᠭᠤᠳ ᠠᠵᠦ ᠠᠬᠤᠢ ᠵᠢᠨ ᠵᠶ᠋ᠠᠨ ᠬᠦᠭᠵᠢᠯᠳᠡ ᠵᠢᠨ ᠲᠠᠭ᠋ᠠᠦ᠎ᠳᠤ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢ ᠠᠯᠬᠤᠮ ᠠᠯᠬᠤᠮ ᠵᠶ᠋ᠠᠷ ᠪᠠᠢ᠌ᠭᠤᠯᠵᠦ ᠲᠡᠭᠦᠯᠳᠡᠷᠵᠢᠭᠦᠯᠬᠦ ᠬᠡᠷᠡᠭᠳᠡᠢ᠃
    ᠲᠦᠴᠢᠨ ᠵᠢᠷᠭᠤᠳᠤᠭ᠋ᠠᠷ ᠵᠤᠷᠪᠤᠰ   ᠤᠯᠠᠨ ᠨᠡᠢ᠌ᠳᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢ ᠨᠡᠢ᠌ᠭᠡᠮ᠎ᠳᠤ ᠴᠢᠯᠦᠭᠡᠳᠡᠢ ᠬᠡᠷᠡᠭᠯᠡᠭᠦᠯᠵᠦ᠂ ᠤᠯᠨᠨ ᠲᠦᠮᠡᠨ᠎ᠤ ᠪᠡᠶ᠎ᠡ ᠵᠢᠨ ᠲᠠᠮᠢᠷ᠎ᠤᠨ ᠠᠵᠢᠯᠯᠠᠭ᠎ᠠ ᠦᠷᠨᠢᠭᠦᠯᠬᠦ᠎ᠳᠤᠨᠢ ᠲᠦᠭᠦᠮ ᠦᠵᠡᠭᠦᠯᠦᠨ᠂ ᠰᠣᠷᠣᠭᠴᠢᠳ᠂ ᠨᠠᠰᠤᠳᠠᠢ᠌ᠴᠤᠳ᠂ ᠵᠡᠮᠳᠡᠭᠴᠤᠳ᠎ᠲᠤ ᠬᠠᠷᠠᠭ᠋ᠠᠯᠵᠠᠯ ᠦᠵᠡᠭᠦᠯᠬᠦ á  á ·á ­á Žá   ᠬᠡᠮᠵᠢᠶ᠎ᠡ ᠠᠪᠴᠦ᠂ ᠪᠡᠶ᠎ᠡ ᠵᠢᠨ ᠲᠠᠮᠢᠷ᠎ᠤᠨ ᠲᠦᠭᠦᠭᠡᠷᠦᠮᠵᠢ ᠵᠢ ᠠᠰᠢᠭᠯᠠᠬᠤ ᠨᠤᠷᠮ᠎ᠠ ᠵᠢ ᠲᠡᠭᠡᠭᠰᠢᠯᠡᠭᠦᠯᠬᠦ ᠬᠡᠷᠡᠭᠳᠡᠢ᠃
    ᠶᠠᠮᠠᠷᠪᠠ ᠵᠤᠬᠢᠶᠠᠨ ᠪᠠᠢ᠌ᠭᠤᠯᠤᠯᠳᠠ ᠪᠤᠯᠤᠨ ᠬᠤᠪᠢ ᠬᠦᠮᠦᠨ ᠤᠯᠠᠨ ᠨᠡᠢ᠌ᠳᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢ ᠪᠤᠯᠢᠶᠠᠨ ᠡᠵᠡᠯᠡᠬᠦ ᠪᠠ ᠡᠪᠳᠡᠵᠦ ᠪᠤᠯᠬᠤ ᠦᠭᠡᠢ᠃ ᠤᠨᠴᠠᠭ᠋ᠠᠢ ᠪᠠᠢ᠌ᠳᠠᠯ᠎ᠠᠴᠠ ᠪᠤᠯᠵᠦ ᠪᠡᠶ᠎ᠡ ᠵᠢᠨ ᠲᠠᠮᠢᠷ᠎ᠤᠨ ᠲᠦᠭᠦᠭᠡᠷᠦᠮᠵᠢ ᠵᠢ ᠲᠦᠷ á ´á  á ­ ᠡᠵᠡᠯᠡᠵᠦ ᠬᠡᠷᠡᠭᠯᠡᠬᠦ ᠴᠢᠬᠤᠯᠠ᠎ᠲᠠᠢ ᠪᠠᠢ᠌ᠪᠠᠯ᠂ ᠡᠷᠭᠡᠪᠰᠢ ᠪᠡᠶ᠎ᠡ ᠵᠢᠨ ᠲᠠᠮᠢᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ ᠪᠠ ᠪᠦᠳᠦᠭᠡᠨ ᠪᠠᠢ᠌ᠭᠤᠯᠤᠯᠳᠠ ᠵᠢᠨ ᠲᠦᠯᠦᠪᠵᠢᠭᠦᠯᠭᠡ ᠵᠢᠨ ᠰᠠᠯᠠᠭ᠎ᠠ ᠮᠦᠴᠢᠷ ᠵᠶ᠋ᠠᠷ ᠵᠦᠪᠰᠢᠶᠡᠷᠡᠭᠦᠯᠬᠦ ᠬᠡᠷᠡᠭᠳᠡᠢ ᠪᠦᠭᠡᠳ ᠲᠤᠭᠳᠠᠭᠰᠠᠨ ᠴᠠᠭ᠎ᠲᠠᠭᠠᠨ ᠪᠤᠴᠠᠭ᠋ᠠᠨ ᠦᠭᠬᠦ ᠬᠡᠷᠡᠭᠳᠡᠢ᠃ ᠬᠤᠳᠠ ᠵᠢᠨ ᠲᠦᠯᠦᠪᠵᠢᠬᠦᠯᠬᠡ ᠵᠢᠨ ᠶᠤᠰᠤᠭ᠋ᠠᠷ ᠪᠡᠶ᠎ᠡ ᠵᠢᠨ ᠲᠠᠮᠢᠷ᠎ᠤᠨ ᠲᠠᠯᠠᠪᠠᠢ ᠵᠢᠨ ᠬᠡᠷᠡᠭᠯᠡᠯᠳᠡ ᠵᠢ ᠬᠤᠪᠢᠷᠠᠭᠤᠯᠬᠤ᠎ᠳᠤ ᠬᠦᠷᠪᠡᠯ᠂ ᠤᠯᠤᠰ᠎ᠤᠨ ᠬᠤᠯᠪᠤᠭᠳᠠᠯ ᠪᠦᠬᠦᠢ ᠲᠤᠭᠳᠠᠭ᠋ᠠᠯ᠎ᠤᠨ ᠲᠠᠭ᠋ᠠᠦ ᠤᠷᠢᠳ ᠵᠶ᠋ᠠᠷ ᠭᠠᠵᠠᠷ ᠰᠤᠩᠭᠤᠵᠦ ᠰᠢᠨ᠎ᠡ᠎ᠪᠠᠷ ᠪᠠᠢ᠌ᠭᠤᠯᠵᠦ ᠦᠭᠭᠦ ᠭᠡᠷᠡᠭᠳᠡᠢ᠃
    ᠲᠦᠴᠢᠨ ᠲᠤᠯᠤᠳᠤᠭ᠋ᠠᠷ ᠵᠤᠷᠪᠤᠰ   ᠪᠦᠬᠦ ᠤᠯᠤᠰ᠎ᠤᠨ ᠴᠢᠨᠠᠷᠳᠠᠢ᠂ ᠲᠡᠯᠡᠭᠡᠢ ᠵᠢᠨ ᠴᠢᠨᠠᠷᠳᠠᠢ ᠪᠡᠶ᠎ᠡ ᠵᠢᠨ ᠲᠠᠮᠢᠷ᠎ᠤᠨ ᠣᠷᠣᠯᠳᠣᠭ᠋ᠠᠨ᠎ᠳᠤ ᠬᠡᠷᠡᠭᠰᠡᠬᠦ ᠪᠡᠶ᠎ᠡ ᠵᠢᠨ ᠲᠠᠮᠢᠷ᠎ᠤᠨ ᠪᠠᠭ᠋ᠠᠵᠢ ᠬᠡᠷᠡᠭᠰᠡᠯ ᠪᠠ ᠡᠳ᠋ᠯᠡᠯ᠎ᠢ ᠪᠤᠯ ᠡᠷᠭᠡᠪᠰᠢ ᠲᠦᠷᠦ ᠵᠢᠨ ᠶᠠᠪᠤᠳᠠᠯ᠎ᠤᠨ ᠬᠤᠷᠢᠶᠠᠨ᠎ᠤ ᠪᠡᠶ᠎ᠡ ᠵᠢᠨ ᠲᠠᠮᠢᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠤᠨ ᠵᠢᠭ᠋ᠠᠨ ᠲᠤᠭᠳᠠᠭ᠋ᠠᠭᠰᠠᠨ ᠪᠠᠢ᠌ᠭᠤᠯᠤᠮᠵᠢ᠎ᠪᠠᠷ ᠬᠢᠨᠠᠭᠤᠯᠵᠦ ᠲᠤᠭᠳᠠᠭ᠋ᠠᠯᠭ᠋ᠠᠬᠤ ᠬᠡᠷᠡᠭᠳᠡᠢ᠃
    ᠲᠦᠴᠢᠨ ᠨᠠᠢ᠍ᠮᠠᠳᠦᠭ᠋ᠠᠷ ᠵᠤᠷᠪᠤᠰ   ᠤᠯᠤᠰ᠎ᠠᠴᠠ ᠪᠡᠶ᠎ᠡ ᠵᠢᠨ ᠲᠠᠮᠢᠷ᠎ᠤᠨ ᠲᠤᠰᠬᠠᠢ ᠮᠡᠷᠭᠡᠵᠢᠯ᠎ᠤᠨ ᠰᠣᠷᠭ᠋ᠠᠨ ᠬᠦᠮᠦᠵᠢᠯ᠎ᠢ ᠬᠦᠭᠵᠢᠬᠦᠯᠵᠦ᠂ ᠪᠡᠶ᠎ᠡ ᠵᠢᠨ ᠲᠠᠮᠢᠷ᠎ᠤᠨ ᠡᠯ᠎ᠡ ᠲᠦᠷᠦᠯ᠎ᠤᠨ ᠲᠤᠰᠬᠠᠢ ᠮᠡᠷᠭᠡᠵᠢᠯ᠎ᠤᠨ ᠲᠡᠭᠡᠳᠦ ᠰᠤᠷᠭ᠋ᠠᠭᠤᠯᠢ᠂ ᠰᠠᠯᠪᠤᠷᠢ᠂ ᠰᠠᠯᠠᠭ᠎ᠠ ᠵᠢ ᠪᠠᠢ᠌ᠭᠤᠯᠵᠦ᠂ ᠪᠠᠶ᠎ᠡ ᠵᠢᠨ ᠲᠠᠮᠢᠷ᠂ ᠪᠤᠯᠪᠠᠰᠤᠷᠠᠯ᠂ ᠬᠢᠴᠢᠶᠡᠯ ᠬᠦᠮᠦᠵᠢᠯ᠂ ᠰᠢᠨᠵᠢᠯᠡᠬᠦ ᠤᠬᠠᠭ᠋ᠠᠨ᠎ᠤ ᠰᠣᠳᠣᠯᠭ᠋ᠠᠨ᠂ ᠬᠠᠮᠢᠶᠠᠷᠤᠯᠳᠠ ᠵᠢᠴᠢ ᠤᠯᠠᠨ ᠲᠦᠮᠡᠨ᠎ᠤ ᠪᠡᠶ᠎ᠡ ᠵᠢᠨ ᠲᠠᠮᠢᠷ᠎ᠢ ᠡᠷᠬᠢᠯᠡᠬᠦ ᠵᠡᠷᠭᠡ ᠲᠠᠯ᠎ᠠ ᠵᠢᠨ ᠲᠤᠰᠬᠠᠢ ᠮᠡᠷᠭᠡᠵᠢᠯ᠎ᠤᠨ ᠠᠵᠢᠯᠳᠠᠨ᠎ᠢ ᠬᠦᠮᠦᠵᠢᠭᠦᠯᠦᠨ᠎ᠡ᠃
    ᠤᠯᠤᠰ᠎ᠠᠴᠠ ᠠᠵᠦ ᠠᠬᠤᠢ᠌ᠯᠡᠯ ᠠᠵᠢᠯ ᠦᠢ᠍ᠯᠯᠡᠰ᠎ᠤᠨ ᠵᠤᠬᠢᠶᠠᠨ ᠪᠠᠢ᠌ᠭᠤᠯᠤᠯᠳᠠ᠂ ᠨᠡᠢ᠌ᠭᠡᠮ᠎ᠤᠨ ᠪᠦᠯᠬᠦᠮ ᠪᠠ á  á ·á  á ³ ᠢᠷᠭᠡᠳ᠎ᠤᠨ ᠬᠠᠦᠯᠢ ᠶᠤᠰᠤᠭ᠋ᠠᠷ ᠪᠡᠶ᠎ᠡ ᠵᠢᠨ ᠲᠠᠮᠢᠷ᠎ᠤᠨ ᠲᠤᠰᠬᠠᠢ ᠮᠡᠷᠭᠡᠵᠢᠯ᠎ᠤᠨ ᠰᠤᠷᠭ᠋ᠠᠨ ᠬᠦᠮᠦᠵᠢᠯ ᠡᠷᠬᠢᠯᠡᠬᠦ ᠵᠢ ᠵᠤᠷᠢᠭᠵᠢᠭᠤᠯᠤᠨ᠎ᠠ᠃
    ᠲᠤᠯᠤᠳᠤᠭ᠋ᠠᠷ ᠪᠦᠯᠦᠭ   ᠬᠠᠦᠯᠢ ᠵᠢᠨ ᠬᠠᠷᠢᠭᠤᠴᠠᠯᠭ᠎ᠠ
    ᠲᠦᠴᠢ ᠶᠢᠰᠦᠳᠦᠭᠡᠷ ᠵᠤᠷᠪᠤᠰ   ᠣᠷᠣᠯᠳᠣᠭ᠋ᠠᠨ᠎ᠤ ᠪᠡᠶ᠎ᠡ ᠵᠢᠨ ᠲᠠᠮᠢᠷ᠎ᠤᠨ ᠲᠤᠮᠳᠠᠬᠢ ᠬᠤᠳᠠᠯ ᠬᠡᠯᠡᠵᠦ ᠬᠠᠭᠤᠷᠮᠠᠭ ᠵᠶ᠋ᠠᠷ ᠵᠤᠬᠢᠶᠠᠬᠤ ᠵᠡᠷᠭᠡ ᠰᠠᠬᠢᠯᠭ᠎ᠠ ᠪᠠᠳᠤ ᠪᠠ ᠪᠠᠶ᠎ᠡ ᠵᠢᠨ ᠲᠠᠮᠢᠷ᠎ᠤᠨ ᠲᠦᠷᠢᠮ ᠲᠤᠭᠳᠠᠭ᠋ᠠᠯ᠎ᠢ ᠵᠦᠷᠢᠴᠡᠭᠰᠡᠨ ᠠᠵᠢᠯᠯᠠᠭ᠎ᠠ ᠵᠢ ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠪᠦᠯᠬᠦᠮ᠎ᠠᠴᠠ ᠲᠦᠷᠢᠮ᠎ᠤᠨ ᠵᠶ᠋ᠠᠨ ᠲᠠᠭ᠋ᠠᠦ ᠲᠤᠷᠭ᠋ᠠᠵᠦ ᠰᠢᠢ᠍ᠳᠭᠡᠨ᠎ᠡ; ᠲᠦᠷᠦ ᠵᠢᠨ ᠠᠵᠢᠯᠳᠠᠨ᠎ᠤ ᠲᠤᠳᠤᠷᠠᠬᠢ ᠰᠢᠭᠤᠳ ᠬᠠᠷᠢᠯᠴᠠᠭ᠎ᠠ᠎ᠲᠠᠢ ᠬᠦᠮᠦᠰ᠎ᠲᠤᠨᠢ ᠬᠠᠦᠯᠢ ᠶᠤᠰᠤᠭ᠋ᠠᠷ ᠵᠠᠰᠠᠭ ᠵᠠᠬᠢᠷᠭ᠋ᠠᠨ᠎ᠤ   ᠰᠢᠢ᠍ᠳᠭᠡᠯ ᠦᠭᠭᠦᠨ᠎ᠡ᠃
    ᠲᠠᠪᠢᠳᠤᠭ᠋ᠠᠷ ᠵᠤᠷᠪᠤᠰ   ᠪᠡᠶ᠎ᠡ ᠵᠢᠨ ᠲᠠᠮᠢᠷ᠎ᠤᠨ ᠬᠦᠳᠡᠯᠭᠡᠭᠡᠨ᠎ᠤ ᠲᠤᠮᠳᠠ ᠴᠠᠭ᠋ᠠᠵᠠ᠎ᠲᠠᠢ á ¡á ® ᠪᠠ á  á ·á ­á Žá   ᠵᠢ ᠬᠡᠷᠡᠭᠯᠡᠭᠰᠡᠨ ᠪᠠᠢ᠌ᠪᠠᠯ᠂ ᠪᠡᠶ᠎ᠡ ᠵᠢᠨ ᠲᠠᠮᠢᠷ᠎ᠤᠨ ᠨᠡᠢ᠌ᠭᠡᠮ᠎ᠤᠨ ᠪᠦᠯᠭᠦᠮ᠎ᠠᠴᠠ ᠲᠦᠷᠢᠮ᠎ᠤᠨ ᠵᠶ᠋ᠠᠨ ᠲᠠᠭ᠋ᠠᠦ ᠲᠤᠷᠭ᠋ᠠᠵᠦ   ᠰᠢᠢ᠍ᠳᠭᠡᠨ᠎ᠡ; ᠲᠦᠷᠦ ᠵᠢᠨ ᠠᠵᠢᠯᠳᠠᠨ᠎ᠤ ᠲᠤᠳᠤᠷᠠᠬᠢ ᠰᠢᠭᠤᠳ ᠬᠠᠷᠢᠭᠤᠴᠠᠯᠭ᠎ᠠ᠎ᠲᠠᠢ ᠬᠦᠮᠦᠰ᠎ᠲᠤᠨᠢ ᠬᠠᠦᠯᠢ ᠶᠤᠰᠤᠭ᠋ᠠᠷ ᠵᠠᠰᠠᠭ ᠵᠠᠬᠢᠷᠭ᠋ᠠᠨ᠎ᠤ   ᠰᠢᠢ᠍ᠳᠭᠡᠯ ᠦᠭᠭᠦᠨ᠎ᠡ᠃
    ᠲᠠᠪᠢᠨ ᠨᠢᠭᠡᠳᠦᠭᠡᠷ ᠵᠤᠷᠪᠤᠰ   ᠤᠷᠤᠯᠳᠤᠭ᠋ᠠᠨ᠎ᠤ ᠪᠡᠶ᠎ᠡ ᠵᠢᠨ ᠲᠠᠮᠢᠷ᠎ᠢ ᠠᠰᠢᠭᠯᠠᠨ ᠵᠤᠭᠤᠰ ᠵᠶ᠋ᠠᠷ ᠮᠦᠷᠦᠢ᠌ᠴᠡᠬᠦ ᠠᠵᠢᠯᠯᠠᠭ᠎ᠠ ᠬᠢᠭᠰᠡᠨ ᠪᠠᠢ᠌ᠪᠠᠯ᠂ ᠪᠠᠶ᠎ᠡ ᠵᠢᠨ ᠲᠠᠮᠢᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠂ ᠲᠤᠳᠤᠭ᠋ᠠᠳᠦ ᠵᠢ ᠬᠠᠮᠠᠭ᠋ᠠᠯᠠᠬᠤ ᠪᠠᠢ᠌ᠭᠤᠯᠭ᠎ᠠ᠎ᠲᠠᠢ ᠬᠠᠮᠵᠢᠯᠴᠠᠵᠦ ᠪᠠᠢ᠌ᠭ᠋ᠠᠳ ᠬᠠᠦᠯᠢ ᠵᠢ ᠵᠦᠷᠢᠴᠡᠭᠰᠡᠨ ᠠᠵᠢᠯᠯᠠᠭ᠎ᠠ ᠵᠢ᠎ᠨᠢ ᠵᠠᠷᠯᠢᠭᠳᠠᠨ ᠵᠤᠭᠰᠤᠭ᠋ᠠᠬᠤ ᠬᠡᠷᠡᠭᠳᠡᠢ ᠪᠦᠭᠡᠳ ᠲᠤᠳᠤᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ᠎ᠠᠴᠠ ᠠᠮᠤᠷ᠎ᠢ ᠬᠠᠮᠠᠭ᠋ᠠᠯᠠᠬᠤ ᠠᠵᠢᠯ᠎ᠤᠨ ᠬᠠᠮᠢᠶᠠᠷᠤᠯᠳᠠ ᠵᠢᠨ   ᠰᠢᠢ᠍ᠳᠬᠡᠭᠦ ᠬᠠᠦᠯᠢ ᠵᠢᠨ ᠬᠤᠯᠪᠤᠭᠳᠠᠯ ᠪᠦᠬᠦᠢ ᠲᠤᠭᠳᠠᠭ᠋ᠠᠯ ᠶᠤᠰᠤᠭ᠋ᠠᠷ ᠲᠤᠷᠭ᠋ᠠᠵᠦ ᠰᠢᠳᠬᠡᠨ᠎ᠡ᠃
    ᠤᠷᠤᠯᠳᠤᠭ᠋ᠠᠨ᠎ᠤ ᠪᠡᠶ᠎ᠡ ᠵᠢᠨ ᠲᠠᠮᠢᠷ᠎ᠤᠨ ᠠᠵᠢᠯᠠᠭ᠎ᠠ ᠲᠤᠮᠳᠠ᠂ ᠬᠡᠭᠡᠯᠢ ᠲᠦᠯᠬᠢᠵᠦ ᠬᠠᠬᠤᠯᠢ ᠢᠳᠡᠭᠰᠡᠨ᠂ ᠬᠢᠬᠠᠵᠦ ᠮᠡᠬᠡᠯᠡᠭᠰᠡᠨ᠂ ᠵᠤᠭᠤᠰ ᠵᠶ᠋ᠠᠷ ᠮᠦᠷᠦᠢ᠌ᠴᠡᠬᠦ ᠶᠠᠪᠤᠳᠠᠯ᠎ᠢ ᠵᠤᠬᠢᠶᠠᠨ ᠪᠠᠢ᠌ᠭᠤᠯᠤᠭᠰᠠᠨ ᠠᠵᠢᠯᠯᠠᠭ᠎ᠠ ᠬᠢᠵᠦ ᠶᠠᠯ᠎ᠠ ᠪᠤᠯᠵᠦ ᠪᠦᠷᠢᠯᠳᠦᠭᠰᠡᠨ ᠪᠠᠢ᠌ᠪᠠᠯ᠂ ᠬᠠᠦᠯᠢ ᠶᠤᠰᠤᠭ᠋ᠠᠷ   ᠡᠷᠡᠭᠦᠦ ᠵᠢᠨ ᠬᠡᠷᠡᠭ᠎ᠤᠨ ᠬᠠᠷᠢᠭᠤᠴᠠᠯᠭ᠎ᠠ ᠨᠡᠬᠡᠮᠵᠢᠯᠡᠨ᠎ᠡ᠃
    ᠲᠠᠪᠢᠨ ᠬᠤᠶᠠᠳᠤᠭ᠋ᠠᠷ ᠵᠤᠷᠪᠤᠰ   ᠤᠯᠠᠨ ᠨᠡᠢ᠌ᠳᠡ ᠵᠢᠨ ᠪᠡᠶ᠎ᠡ ᠵᠢᠨ ᠲᠠᠮᠢᠷ᠎ᠤᠨ ᠲᠦᠬᠦᠭᠡᠷᠦᠮᠵᠢ ᠵᠢ ᠪᠤᠯᠢᠶᠠᠨ ᠡᠵᠡᠯᠡᠭᠰᠡᠨ ᠪᠠ ᠡᠪᠳᠡᠭᠰᠡᠨ ᠪᠠᠢ᠌ᠪᠠᠯ᠂ ᠪᠡᠶ᠎ᠡ ᠵᠢᠨ ᠲᠠᠮᠢᠷ᠎ᠤᠨ ᠠᠵᠢᠯ᠎ᠤᠨ ᠵᠠᠰᠠᠭ ᠵᠠᠬᠢᠷᠭ᠋ᠠᠨ᠎ᠤ ᠰᠠᠯᠠᠭ᠎ᠠ ᠮᠦᠴᠢᠷ᠎ᠠᠴᠠ ᠵᠠᠷᠯᠢᠭᠳᠠᠵᠦ ᠪᠠᠢ᠌ᠭ᠋ᠠᠳ ᠬᠤᠭᠤᠴᠠᠭ᠎ᠠ ᠲᠤᠭᠳᠠᠭ᠋ᠠᠨ ᠵᠠᠯᠠᠷᠠᠭᠤᠯᠬᠤ ᠵᠢᠨ ᠬᠠᠮᠳᠦ᠂   ᠠᠵᠢᠯᠯᠠᠭ᠎ᠠ ᠬᠢᠭᠰᠡᠳ᠎ᠨᠢ ᠬᠠᠦᠯᠢ ᠶᠤᠰᠤᠭ᠋ᠠᠷ ᠢᠷᠭᠡᠨ᠎ᠤ ᠬᠡᠷᠡᠭ᠎ᠤᠨ ᠬᠠᠷᠢᠭᠤᠴᠠᠯᠭ᠎ᠠ ᠡᠭᠦᠷᠭᠡᠯᠡᠨ᠎ᠡ᠃
    ᠡᠮᠦᠨᠡᠬᠢ ᠪᠠᠳᠠᠭ᠎ᠲᠤ ᠵᠢᠭᠰᠠᠭ᠋ᠠᠭᠰᠠᠨ ᠠᠵᠢᠯᠯᠠᠭ᠎ᠠ᠎ᠨᠢ ᠠᠮᠦᠷ᠎ᠢ ᠬᠠᠮᠠᠭ᠋ᠠᠯᠠᠬᠤ ᠠᠵᠢᠯ᠎ᠤᠨ ᠬᠠᠮᠢᠶᠠᠷᠤᠯᠳᠠ ᠵᠢ ᠵᠦᠷᠢᠴᠡᠭᠰᠡᠨ ᠪᠠᠢ᠌ᠪᠠᠯ᠂ ᠲᠤᠳᠤᠭ᠋ᠠᠳᠤ ᠵᠢ ᠬᠠᠮᠠᠭ᠋ᠠᠯᠠᠬᠤ ᠪᠠᠢ᠌ᠭᠤᠯᠤᠯᠭ᠎ᠠ᠎ᠠᠴᠠ ᠠᠮᠦᠷ᠎ᠢ ᠬᠠᠮᠠᠭ᠋ᠠᠯᠠᠬᠤ ᠠᠵᠢᠯ᠎ᠤᠨ ᠬᠠᠮᠢᠶᠠᠷᠤᠯᠳᠠ ᠵᠢᠨ ᠰᠢᠢ᠍ᠳᠬᠡᠭᠦ ᠬᠠᠦᠯᠢ ᠵᠢᠨ ᠬᠤᠯᠪᠤᠭᠳᠠᠯ ᠪᠦᠬᠦᠢ ᠲᠤᠭᠳᠠᠭ᠋ᠠᠯ ᠶᠤᠰᠤᠭ᠋ᠠᠷ ᠲᠤᠷᠭ᠋ᠠᠵᠦ ᠰᠢᠢ᠍ᠳᠭᠡᠨ᠎ᠡ; ᠶᠠᠯ᠎ᠠ ᠪᠤᠯᠵᠦ ᠪᠦᠷᠢᠯᠳᠦᠭᠰᠡᠨ ᠪᠠᠢ᠌ᠪᠠᠯ᠂ ᠬᠠᠦᠯᠢ ᠶᠤᠰᠤᠭ᠋ᠠᠷ   ᠡᠷᠡᠭᠦᠦ ᠵᠢᠨ ᠬᠡᠷᠡᠭ᠎ᠤᠨ ᠬᠠᠷᠢᠭᠤᠴᠠᠯᠭ᠎ᠠ ᠨᠡᠬᠡᠮᠵᠢᠯᠡᠨ᠎ᠡ᠃
      ᠲᠠᠪᠢᠨ ᠭᠤᠷᠪᠠᠳᠤᠭ᠋ᠠᠷ ᠵᠤᠷᠪᠤᠰ   ᠪᠡᠶ᠎ᠡ ᠵᠢᠨ ᠲᠠᠮᠢᠷ᠎ᠤᠨ ᠠᠵᠢᠯᠯᠠᠭ᠎ᠠ ᠲᠤᠮᠳᠠ ᠵᠤᠷᠢᠭᠤᠳᠠ á ¦ á °á ¡á ª ᠡᠷᠢᠨ ᠬᠡᠷᠡᠭ ᠭᠠᠷᠭ᠋ᠠᠭ᠋ᠠᠳ᠂ ᠤᠯᠠᠨ ᠨᠡᠢ᠌ᠳᠡ ᠵᠢᠨ ᠡᠮᠬᠢ ᠵᠢᠷᠤᠮ᠎ᠢ ᠰᠠᠮᠠᠷᠠᠭᠤᠯᠤᠭᠰᠠᠨ ᠪᠠᠢ᠌ᠪᠠᠯ᠂ ᠵᠢᠮᠡᠯᠡᠨ ᠰᠢᠭᠦᠮᠵᠢᠯᠡᠵᠦ᠂ ᠰᠣᠷᠭ᠋ᠠᠨ ᠬᠦᠮᠦᠵᠢᠭᠦᠯᠬᠦ ᠵᠢᠨ ᠬᠠᠮᠳᠦ ᠠᠵᠢᠯᠯᠠᠭ᠎ᠠ ᠵᠢ᠎ᠨᠢ ᠬᠤᠷᠢᠭᠯᠠᠨ ᠵᠤᠭᠰᠤᠭ᠋ᠠᠨ᠎ᠠ; ᠠᠮᠦᠷ᠎ᠢ ᠬᠠᠮᠠᠭ᠋ᠠᠯᠠᠬᠤ ᠠᠵᠢᠯ᠎ᠤᠨ ᠬᠠᠮᠢᠶᠠᠷᠤᠯᠳᠠ ᠵᠢ ᠵᠦᠷᠢᠴᠡᠭᠰᠡᠨ ᠪᠠᠢ᠌ᠪᠠᠯ᠂ ᠲᠤᠳᠤᠭ᠋ᠠᠳᠤ ᠵᠢ ᠬᠠᠮᠠᠭ᠋ᠠᠯᠠᠬᠤ ᠪᠠᠢ᠌ᠭᠤᠯᠭ᠎ᠠ᠎ᠠᠴᠠ ᠠᠮᠦᠷ᠎ᠢ ᠬᠠᠮᠠᠭ᠋ᠠᠯᠠᠬᠤ ᠠᠵᠢᠯ᠎ᠤᠨ ᠬᠠᠮᠢᠶᠠᠷᠤᠯᠳᠠ ᠵᠢᠨ ᠰᠢᠳᠬᠡᠭᠦ ᠬᠠᠦᠯᠢ ᠵᠢᠨ ᠲᠤᠭᠳᠠᠭ᠋ᠠᠯ ᠶᠤᠰᠤᠭ᠋ᠠᠷ ᠲᠤᠷᠭ᠋ᠠᠵᠦ   ᠰᠢᠢ᠍ᠳᠭᠡᠨ᠎ᠡ; ᠶᠠᠯ᠎ᠠ ᠪᠤᠯᠵᠦ ᠪᠦᠷᠢᠯᠳᠦᠭᠰᠡᠨ ᠪᠠᠢ᠌ᠪᠠᠯ᠂ ᠬᠠᠦᠯᠢ ᠶᠤᠰᠤᠭ᠋ᠠᠷ   ᠡᠷᠡᠭᠦᠦ ᠵᠢᠨ ᠬᠡᠷᠡᠭ᠎ᠤᠨ ᠬᠠᠷᠢᠭᠤᠴᠠᠯᠭ᠎ᠠ ᠨᠡᠬᠡᠮᠵᠢᠯᠡᠨ᠎ᠡ᠃
    ᠲᠠᠪᠢᠨ ᠲᠦᠷᠪᠡᠳᠦᠭᠡᠷ ᠵᠤᠷᠪᠤᠰ   ᠤᠯᠤᠰ᠎ᠤᠨ ᠡᠳ᠋᠎ᠤᠨ ᠵᠠᠰᠠᠭ᠎ᠤᠨ ᠲᠦᠷᠢᠮ᠂ ᠡᠳ᠋᠎ᠤᠨ ᠶᠠᠪᠤᠳᠠᠯ᠎ᠤᠨ ᠲᠦᠷᠢᠮ᠎ᠢ ᠵᠦᠷᠢᠴᠡᠵᠦ᠂ ᠪᠡᠶ᠎ᠡ ᠵᠢᠨ ᠲᠠᠮᠢᠷ᠎ᠤᠨ ᠪᠡᠯᠡ ᠮᠦᠩᠭᠦ ᠵᠢ ᠨᠡᠭᠦᠯᠭᠡᠨ ᠬᠡᠷᠡᠭᠯᠡᠭᠰᠡᠨ᠂ ᠦᠯᠡᠳᠡᠭᠡᠵᠦ ᠠᠪᠤᠭᠰᠠᠨ ᠪᠠᠢ᠌ᠪᠠᠯ᠂ ᠲᠡᠭᠡᠳᠦ ᠱᠠᠳᠣᠨ᠎ᠤ ᠪᠠᠢ᠌ᠭᠤᠯᠤᠯᠭ᠎ᠠ᠎ᠨᠢ ᠵᠠᠷᠯᠢᠭᠳᠠᠵᠦ ᠪᠠᠢ᠌ᠭ᠋ᠠᠳ ᠲᠤᠭᠳᠠᠭᠰᠠᠨ ᠬᠤᠭᠤᠴᠠᠭ᠋ᠠᠨ᠎ᠳᠤ ᠨᠡᠭᠦᠯᠭᠡᠵᠦ ᠬᠡᠷᠡᠭᠯᠡᠭᠰᠡᠨ᠂ ᠦᠯᠡᠳᠡᠭᠡᠵᠦ ᠠᠪᠤᠭᠰᠠᠨ ᠪᠡᠯᠡ ᠮᠦᠩᠭᠦ ᠵᠢ᠎ᠨᠢ ᠪᠤᠴᠠᠭ᠋ᠠᠯᠭ᠋ᠠᠬᠤ ᠵᠢᠨ ᠬᠠᠮᠳᠤ ᠰᠢᠭᠤᠳ ᠬᠠᠷᠢᠭᠤᠴᠠᠯᠭ᠎ᠠ᠎ᠲᠠᠢ ᠡᠷᠬᠢᠯᠡᠨ ᠬᠠᠮᠢᠶᠠᠷᠬᠤ ᠬᠦᠮᠦᠰ ᠪᠤᠯᠤᠨ ᠰᠢᠭᠤᠳ ᠬᠠᠷᠢᠭᠤᠴᠠᠯᠭ᠎ᠠ᠎ᠲᠠᠢ ᠪᠤᠰᠤᠳ ᠬᠦᠮᠦᠰ᠎ᠲᠤᠨᠢ ᠬᠠᠦᠯᠢ ᠶᠤᠰᠤᠭ᠋ᠠᠷ ᠵᠠᠰᠠᠭ ᠵᠠᠬᠢᠷᠭ᠋ᠠᠨ᠎ᠤ   ᠰᠢᠢ᠍ᠳᠭᠡᠯ ᠦᠭᠭᠦᠨ᠎ᠡ; ᠶᠠᠯ᠎ᠠ ᠪᠤᠯᠵᠦ ᠪᠦᠷᠢᠯᠳᠦᠭᠰᠡᠨ ᠪᠠᠢ᠌ᠪᠠᠯ᠂ ᠬᠠᠦᠯᠢ ᠶᠤᠰᠤᠭ᠋ᠠᠷ   ᠡᠷᠡᠭᠦᠦ ᠵᠢᠨ ᠬᠡᠷᠡᠭ᠎ᠤᠨ ᠬᠠᠷᠢᠭᠤᠴᠠᠯᠭ᠎ᠠ ᠨᠡᠬᠡᠮᠵᠢᠯᠡᠨ᠎ᠡ᠃
    ᠨᠠᠢ᠍ᠮᠠᠳᠤᠭ᠋ᠠᠷ ᠪᠦᠯᠦᠭ   ᠲᠠᠭ᠋ᠠᠯᠳᠤᠭᠤᠯᠤᠭᠰᠠᠨ ᠲᠦᠷᠢᠮ
    ᠲᠠᠪᠢᠨ ᠲᠠᠪᠤᠳᠤᠭ᠋ᠠᠷ ᠵᠤᠷᠪᠤᠰ   ᠴᠡᠷᠢᠭ á  á ©á ­á ¢ ᠵᠢᠨ ᠪᠡᠶ᠎ᠡ ᠵᠢᠨ ᠲᠠᠮᠢᠷ᠎ᠤᠨ ᠠᠵᠢᠯᠯᠠᠭ᠎ᠠ ᠦᠷᠨᠢᠭᠦᠯᠬᠦ ᠪᠤᠳᠠᠳᠠᠢ á  á ·á ­á Žá   ᠵᠢ ᠲᠦᠪ᠎ᠤᠨ ᠴᠡᠷᠢᠭ᠎ᠤᠨ ᠶᠠᠪᠤᠳᠠᠯ᠎ᠤᠨ ᠬᠤᠷᠢᠶ᠎ᠠ᠎ᠠᠴᠠ ᠲᠤᠰ ᠬᠠᠦᠯᠢ ᠵᠢ ᠦᠨᠳᠦᠰᠦᠯᠡᠨ ᠲᠤᠭᠳᠠᠭ᠋ᠠᠨ᠎ᠠ᠃
    ᠲᠠᠪᠢᠨ ᠵᠢᠷᠭᠤᠳᠤᠭ᠋ᠠᠷ ᠵᠤᠷᠪᠤᠰ   ᠲᠤᠰ ᠬᠠᠦᠯᠢ ᠵᠢ1995 ᠤᠨ᠎ᠤ10 á °á  á ·á Žá   ᠵᠢᠨ 1á Žá ¤ ᠡᠳᠦᠷ᠎ᠠᠴᠠ ᠡᠬᠢᠯᠡᠵᠦ ᠬᠡᠷᠡᠭᠵᠢᠭᠦᠯᠦᠨ᠎ᠡ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠪᠡᠶ᠎ᠡ ᠵᠢᠨ ᠲᠠᠮᠢᠷ᠎ᠤᠨ ᠲᠤᠪᠴᠢᠶ᠎ᠡ
          
ᠬᠠᠮᠢᠶ᠎ᠡ ᠪᠦᠬᠦᠢ ᠰᠣᠨᠢᠨ
ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠪᠡᠶ᠎ᠡ ᠵᠢᠨ ᠲᠠᠮᠢᠷ᠎ᠤᠨ ᠬᠥᠳᠡᠯᠭᠡᠭᠡᠨ᠎ᠤ ᠰᠤᠷᠭ᠋ᠠᠭᠤᠯᠢ ᠵᠢᠨ ᠬᠠᠮᠢᠶᠠᠷᠤᠯᠳᠠ ᠵᠢᠨ ᠠᠷᠭ᠎ᠠ
ᠰᠢᠨ᠎ᠡ᠎ᠪᠠᠷ ᠵᠠᠰᠠᠪᠤᠷᠢ ᠣᠷᠣᠭᠤᠯᠤᠭᠰᠠᠨ 《ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠎ᠤᠨ ᠬᠠᠤᠯᠢ》 ᠨᠡᠶ᠋ᠢᠲᠡᠯᠡᠭᠳᠡᠪᠡ
ᠪᠡᠶ᠎ᠡ ᠵᠢᠨ ᠲᠠᠮᠢᠷ᠎ᠤᠨ ᠬᠦᠨᠳᠡᠯᠡᠨ᠎ᠠᠴᠠ ᠲᠠᠰᠤᠯᠬᠤ ᠲᠦᠷᠢᠮ
ᠪᠦᠬᠦᠳᠠ ᠨᠡᠶ᠋ᠢᠷᠡᠮᠳᠡᠬᠤ ᠲᠤᠮᠳᠡᠳᠦ ᠠᠷᠡᠦᠠ ᠤᠯᠦᠰ᠎ᠤᠨ ᠤᠯᠦᠰ᠎ᠤᠨ ᠲᠤᠬ᠎ᠤᠨ ᠬᠠᠦᠯᠢ
 
            